Title |
ᠮᠠᠯᠴᠢᠨᠬᠦᠦ ᠶᠢᠨ ᠲᠤᠭᠤᠵᠢᠰ ᠤᠷᠠᠯᠢᠭ ᠤᠨ ᠦᠨᠳᠦᠰᠦᠲᠡᠨ ᠤ ᠰᠣᠶᠣᠯ ᠪᠠᠷᠢᠯᠳᠤᠯᠭ᠎ᠠ ᠶᠢᠨ ᠲᠠᠢᠯᠤᠮᠵᠢ(ᠲᠠᠪᠤ)— ᠬᠠᠷᠢ ᠭᠠᠳᠠᠭᠠᠳᠤ ᠶᠢᠨ ᠤᠷᠠᠨ ᠵᠣᠬᠢᠶᠠᠯ ᠡᠴᠡ ᠵᠣᠬᠢᠰᠲᠠᠢ ᠠᠰᠢᠭᠯᠠᠭᠰᠠᠨ ᠪᠠ ᠢᠳᠡᠪᠬᠢᠲᠡᠢ ᠰᠢᠨᠡᠴᠢᠯᠡᠭᠰᠡᠨ ᠨᠢ |
Creator |
ᠡᠷᠳᠡᠨᠢᠰᠠᠩ |
Keyword |
ᠮᠠᠯᠴᠢᠨᠬᠦᠦ;ᠲᠤᠭᠤᠵᠢᠰ; ᠰᠤᠷᠴᠤ ᠠᠰᠢᠭᠯᠠᠬᠤ;ᠰᠢᠨ᠎ᠠ ᠵᠢ ᠡᠭᠦᠳᠬᠦ |
Abstract |
ᠮᠠᠯᠴᠢᠨᠬᠦᠦ ᠪᠡᠷ ᠮᠣᠨᠭᠤᠯ ᠦᠨᠳᠦᠰᠦᠲᠡᠨ ᠤ ᠣᠳᠤ ᠦᠶ ᠡ ᠶᠢᠨ ᠤᠷᠠᠨ ᠵᠣᠬᠢᠶᠠᠯ ᠤᠨ ᠭᠠᠷᠮᠠᠭᠠᠢ ᠲᠦᠯᠦᠭᠡᠯᠡᠭᠴᠢ ᠶᠢᠨ ᠨᠢᠭᠡ ᠪᠣᠯᠤᠭᠰᠠᠨ ᠤ ᠬᠤᠪᠢ ᠳ᠋ᠤ᠂ ᠦᠪᠡᠷ ᠤᠨ ᠦᠨᠳᠦᠰᠲᠡᠨ ᠤ ᠪᠠᠨ ᠤᠷᠠᠨ ᠵᠣᠬᠢᠶᠠᠯ ᠤᠨ ᠰᠢᠯᠢᠳᠡᠭ ᠤᠯᠠᠮᠵᠢᠯᠠᠯ ᠢ ᠪᠦᠲᠦᠮᠵᠢᠲᠡᠢ ᠵᠠᠯᠭᠠᠮᠵᠢᠯᠠᠨ ᠪᠠᠳᠠᠷᠠᠭᠤᠯᠤᠭᠰᠠᠨ ᠤ ᠲᠠᠠᠭᠤ ᠳ᠋ᠤ᠂ ᠪᠠᠰᠠ ᠬᠠᠷᠢ ᠦᠨᠳᠦᠰᠦᠲᠡᠨ ᠤ ᠤᠷᠠᠨ ᠵᠣᠬᠢᠶᠠᠯ ᠤᠨ ᠤᠷᠠᠯᠢᠭ ᠤᠨ ᠰᠢᠮ ᠠ ᠵᠢ ᠵᠣᠬᠢᠰᠲᠠᠢ ᠰᠤᠷᠴᠤ ᠠᠰᠢᠭᠯᠠᠬᠤ ᠲᠠᠯ ᠠ ᠪᠡᠷ ᠢᠳᠡᠪᠬᠢ ᠬᠠᠢᠯᠲᠠ ᠬᠢᠭᠰᠡᠨ ᠪᠠ ᠬᠤᠪᠤᠷ ᠨᠠᠨᠳᠢᠨ ᠲᠤᠷᠰᠢᠯᠭ᠎ᠠ ᠵᠢ ᠦᠯᠡᠳᠡᠭᠡᠵᠡᠢ᠃ ᠡᠨᠡ ᠨᠢ ᠦᠨᠳᠦᠰᠦᠲᠡᠨ ᠤ ᠤᠷᠠᠨ ᠵᠣᠬᠢᠶᠠᠯ ᠤᠨ ᠭᠦᠭᠵᠢᠯᠲᠡ ᠶᠢᠨ ᠲᠡᠦᠬᠡᠨ ᠳ᠋ᠤ ᠢᠳᠡᠪᠬᠢ ᠦᠢᠯᠡᠳᠦᠯ ᠲᠠᠢ ᠪᠦᠭᠡᠳ ᠴᠢᠬᠤᠯᠠ ᠬᠤᠪᠢ ᠨᠡᠮᠡᠷᠢ ᠦᠵᠡᠭᠦᠯᠦᠭᠰᠡᠨ ᠶᠣᠮ᠃ ᠮᠠᠯᠴᠢᠨᠬᠦᠦ ᠪᠡᠷ ᠢᠨᠵᠠᠨᠨᠠᠰᠢ᠂ ᠯᠦ ᠰᠢᠶᠦ᠋ᠨ᠂ᠨᠠ•ᠰᠠᠢᠨᠴᠤᠭᠲᠤ ᠵᠡᠷᠭᠡ ᠠᠪᠤᠷᠭᠤ ᠵᠣᠬᠢᠶᠠᠯᠴᠢᠳ ᠡᠴᠡ ᠲᠠᠭᠠᠨ ᠰᠤᠷᠤᠯᠴᠠᠬᠤ ᠶᠢᠨ ᠲᠠᠠᠭᠤ᠂ ᠪᠠᠰᠠ ᠲᠡᠳᠡᠨ ᠤ《ᠠᠪᠴᠢᠷᠠᠮᠠᠯ ᠦᠵᠡᠯ》 ᠤᠨ ᠲᠠᠨᠢᠯ ᠤᠬᠠᠪᠤᠷᠢ ᠪᠣᠯᠤᠨ ᠪᠦᠲᠦᠮᠵᠢ ᠲᠠᠢ ᠲᠤᠷᠰᠢᠯᠭ᠎ᠠ ᠵᠢ ᠨᠢ ᠵᠠᠯᠠᠭᠮᠵᠢᠯᠠᠵᠤ᠂ ᠬᠠᠷᠢ ᠶᠢᠨ ᠤᠷᠠᠨ ᠵᠣᠬᠢᠶᠠᠯ ᠡᠴᠡ ᠰᠤᠷᠴᠤ ᠠᠰᠢᠭᠯᠠᠬᠤ ᠶᠢᠨ ᠴᠢᠬᠤᠯᠠ ᠴᠢᠨᠠᠷ ᠢ ᠴᠣᠬᠤᠮ ᠬᠦ ᠤᠬᠠᠭᠠᠰᠠᠨ ᠪᠢᠯᠡ᠃ ᠲᠡᠷᠡ ᠦᠷᠭᠡᠨ ᠬᠠᠷᠠᠭ᠎ᠠ ᠪᠡᠷ ᠠᠵᠢᠨ ᠠᠩᠬᠠᠷᠤᠨ ᠭᠤᠤᠯᠳᠠᠯᠭᠠᠲᠠᠢ ᠪᠡᠷ ᠰᠤᠷᠤᠯᠴᠠᠨ ᠠᠰᠢᠭᠯᠠᠵᠤ᠂ ᠦᠪᠡᠷ ᠤᠨ ᠪᠣᠳᠠᠳᠤ ᠪᠠᠢᠳᠠᠯ ᠲᠠᠢ ᠪᠠᠨ ᠤᠶᠠᠯᠳᠤᠭᠤᠯᠤᠨ᠂ ᠵᠤᠷᠢᠭ ᠲᠠᠢ ᠪᠡᠷ ᠰᠢᠨ᠎ᠠ ᠵᠢ ᠡᠭᠦᠳᠳᠡᠭ ᠪᠠᠢᠵᠠᠢ᠃ |
Original Literature |
View Original Paper
|
出自 |
内蒙古师范大学学报
2013年
第4期
|