Abstract |
ᠤᠯᠠᠨ ᠤ ᠮᠡᠳᠡᠭᠡᠵᠢ ᠪᠡᠷ ᠮᠣᠨᠭᠤᠯ ᠦᠨᠳᠦᠰᠦᠲᠡᠨᠪᠣᠯ ᠨᠡᠭᠦᠳᠡᠯᠴᠢᠨ ᠦᠨᠳᠦᠰᠦᠲᠡᠨ ᠪᠣᠯᠤᠨ᠎ᠠ᠃ ᠨᠡᠭᠦᠳᠡᠯᠴᠢᠨ ᠦᠨᠳᠦᠦᠰᠲᠡᠨ ᠤ ᠠᠮᠢᠳᠤᠷᠠᠯ ᠤᠨ ᠠᠨᠴᠠᠭᠠᠢᠯᠠᠭᠳᠠᠬᠤ ᠬᠡᠯᠪᠡᠷᠢ ᠭᠡᠪᠡᠯ ᠮᠠᠯᠵᠢᠯ ᠪᠣᠯᠤᠨ ᠠᠩᠨᠠᠯ ᠤᠨ ᠠᠮᠢᠳᠤᠷᠠᠯ ᠳ᠋ᠤ ᠨᠣᠬᠠᠢ ᠲᠤᠩ ᠬᠡᠷᠡᠭᠴᠡᠭᠡ ᠲᠠᠢ ᠪᠠᠢᠭᠰᠠᠨ ᠢ ᠤᠢᠯᠠᠭᠠᠵᠤ ᠪᠣᠯᠤᠨ᠎ᠠ᠃《ᠮᠣᠩᠭᠤᠯ ᠤᠨ ᠡᠷᠲᠡᠨᠢ ᠶᠢᠨ ᠡᠷᠢᠬᠡ》ᠭᠡᠮᠡᠬᠦ ᠡᠷᠲᠡᠨ ᠤ ᠵᠣᠬᠢᠶᠠᠯ ᠳ᠋ᠤ《ᠡᠷᠲᠡᠨ ᠤ (ᠮᠣᠩᠭᠤᠯ ᠤᠨ) ᠨᠤᠬᠠᠢ ᠨᠢ ᠰᠡᠷᠭᠦᠯᠡᠩ᠂ ᠭᠡᠷ ᠲᠦ ᠪᠠᠢᠪᠠᠰᠤ ᠬᠤᠳᠠ ᠪᠠᠨ ᠬᠠᠮᠠᠭᠠᠯᠠᠨ᠂ ᠠᠩ ᠳ᠋ᠤ ᠶᠠᠪᠤᠪᠠᠰᠤ ᠬᠦᠷᠦᠭᠡᠰᠦ ᠪᠠᠷᠢᠨ᠎ᠠ》 ᠭᠡᠵᠦ ᠲᠡᠮᠳᠡᠭᠯᠡᠪᠡ ᠪᠦᠭᠡᠳ ᠡᠷᠲᠡ ᠠᠷᠪᠠᠨ ᠲᠦᠷᠪᠡᠳᠦᠭᠡᠷ ᠵᠠᠭᠤᠨ ᠤ ᠡᠷᠡᠨ ᠳ᠋ᠤ ᠮᠣᠩᠭᠤᠯ ᠤᠨ ᠬᠠᠭᠠᠨᠲᠤ ᠲᠦᠷᠦ ᠲᠠᠢ ᠬᠦᠷᠱᠢ ᠵᠡᠷᠡᠯᠳᠡᠭᠡ ᠲᠤᠭᠲᠠᠨᠢᠵᠤ ᠪᠠᠢᠭᠰᠠᠠ ᠮᠢᠩ ᠤᠯᠤᠯᠰ ᠤᠨ ᠶᠡᠬᠡ ᠰᠠᠢᠳ ᠳ᠋ᠠ ᠡᠾᠸᠨ ᠠᠪᠤᠭᠠᠢ ᠶᠢᠨ 《ᠮᠣᠩᠭᠤᠯ ᠤᠨ ᠵᠠᠩ ᠰᠤᠷᠲᠠᠬᠤᠨ ᠤ ᠲᠡᠮᠳᠡᠭᠯᠡᠯ》 ᠳ᠋ᠤ ᠴᠦ᠄《ᠡᠪᠦᠯ ᠤᠨ ᠲᠷᠰᠬᠢᠮ ᠠ ᠬᠦᠢᠳᠡᠨ ᠳ᠋ᠤ ᠨᠠᠬᠠᠢ ᠬᠤᠨᠢᠳ ᠨᠢ ᠡᠮᠦᠨ᠎ᠠ ᠬᠤᠢᠭᠤᠷ ᠤᠷᠤᠵᠤ ᠬᠦᠮᠦᠨ ᠨᠢ ᠮᠠᠯ ᠲᠠᠢ ᠪᠠᠨ ᠵᠢᠭᠤᠷᠠᠯᠳᠤᠨ ᠬᠡᠪᠲᠠᠨᠠ᠃ ᠲᠤᠭᠤᠭ᠎ᠠ ᠬᠠᠢᠰᠤ ᠵᠡᠷᠭᠡ ᠶᠢᠨ ᠡᠳᠡᠭᠡᠨ ᠤ ᠰᠠᠪᠠ ᠬᠡᠷᠡᠭᠰᠡᠯ ᠢ ᠬᠡᠷᠡᠭᠯᠡᠵᠦ ᠲᠠᠭᠤᠰᠮᠠᠭᠴᠠ ᠰᠢᠩᠭᠡᠭ ᠪᠤᠵᠠᠷ ᠭᠡᠵᠦ ᠴᠡᠭᠡᠷᠯᠡᠬᠦ ᠦᠭᠡᠢ ᠪᠡᠷ ᠨᠤᠬᠠᠳ ᠲᠠᠭᠠᠨ ᠦᠭᠴᠦ ᠲᠤᠯᠢᠶᠠᠯᠭᠠᠬᠤ ᠨᠢ ᠦᠨᠡᠭᠡᠷ ᠨᠣᠬᠠᠢ ᠬᠣᠨᠢᠨ ᠤ ᠲᠦᠷᠦᠯᠲᠡᠨ ᠭᠡᠳᠡᠭ ᠨᠢ ᠬᠤᠳᠠᠯ ᠪᠢᠰᠢ ᠪᠠᠢᠨ᠎ᠠ》 ᠭᠡᠵᠦ ᠬᠡᠳᠦᠷᠬᠡᠢ ᠲᠤᠷᠤᠮᠰᠢᠶᠠᠨ ᠲᠡᠮᠳᠡᠭᠯᠡᠭᠰᠡᠨ ᠪᠤᠯᠪᠠᠴᠦ |