Title |
ᠪᠠᠭᠰᠢ ᠶᠢᠨ ᠳᠡᠭᠡᠳᠦ ᠰᠤᠷᠭ᠋᠋ᠠᠭ᠋᠋ᠤᠯᠢ ᠶᠢᠨ ᠰᠤᠷᠭ᠋᠋ᠠᠨ ᠬᠦᠮᠦᠵᠢᠯ ᠦᠨ ᠦᠭᠡᠷᠡᠴᠢᠯᠡᠯᠲᠡ ᠪᠡ ᠰᠤᠷᠭ᠋᠋ᠠᠨ ᠬᠦᠮᠦᠵᠢᠯ ᠢ 《ᠭᠤᠷᠪᠠᠨ ᠲᠡᠰᠢ ᠬᠠᠨᠳᠤᠭ᠋᠋ᠤᠯᠬᠤ》 ᠲᠤᠬᠠᠢ |
Creator |
ᠪᠠᠲᠤᠲᠡᠮᠦᠷ |
Keyword |
ᠰᠤᠷᠭ᠋᠋ᠠᠨ ᠬᠦᠮᠦᠵᠢᠯ |
Abstract |
ᠨᠢᠭᠡ᠂ ᠪᠠᠭᠰᠢ ᠶᠢᠨ ᠳᠡᠭᠡᠳᠦ ᠰᠤᠷᠭ᠋᠋ᠠᠭ᠋᠋ᠤᠯᠢ ᠶᠢᠨ ᠤᠶᠤᠲᠠᠳ ᠤᠨ ᠦᠨᠳᠦᠰᠦᠨ ᠴᠢᠳᠠᠪᠤᠷᠢ ᠪᠤᠯᠤᠨ ᠪᠠᠭᠰᠢ ᠶᠢᠨ ᠶᠠᠰᠤ ᠴᠢᠨ᠋ᠠᠷ ᠤᠨ ᠣᠨᠴᠤᠭ᠋᠋ᠤᠢ ᠬᠦᠮᠦᠵᠢᠯ ᠢ ᠴᠢᠩᠭ᠋ᠠᠳᠬᠠᠪᠠᠯ ᠵᠤᠬᠢᠨ᠎ᠠ᠃ (ᠨᠢᠭᠡ) ᠰᠢᠨᠵᠢᠯᠡᠬᠦ ᠤᠬᠠᠭ᠋ᠠᠨ ᠲᠧᠭᠨ᠋ᠢᠭ ᠮᠡᠷᠭᠡᠵᠢᠯ ᠳᠦ ᠬᠡᠷᠡᠭᠰᠡᠬᠦ ᠰᠠᠭ᠋ᠤᠷᠢ ᠮᠡᠳᠡᠯᠭᠡ ᠰᠢᠰᠲ᠋ᠧᠮ᠂ ᠪᠦᠲᠦᠴᠡ᠂ ᠬᠦᠭᠵᠢᠯᠲᠡ ᠶᠢᠨ ᠬᠠᠨᠳᠤᠰᠢ᠂ ᠰᠤᠳᠤᠯᠬᠤ ᠠᠷᠭ᠎ᠠ ᠪᠠ ᠬᠠᠢᠨ ᠰᠢᠨᠴᠢᠬᠦ ᠠᠷᠭ᠎ᠠ ᠳᠡᠮ ᠢ ᠣᠢᠯᠠᠭ᠋ᠠᠬᠤ ᠤᠨ ᠬᠡᠷᠡᠭᠲᠡᠢ᠃ (ᠬᠤᠶᠠᠷ) ᠤᠯᠤᠰ ᠲᠦᠷᠦ ᠦᠵᠡᠯ ᠰᠠᠨ᠋ᠠᠭ᠋ᠠᠨ ᠤ ᠶᠠᠰᠤ ᠴᠢᠨ᠋ᠠᠷ ᠪᠠ ᠪᠡᠶ᠎ᠡ ᠪᠡᠨ ᠳᠠᠭ᠋ᠠᠭ᠋ᠠᠵᠤ ᠰᠤᠳᠤᠯᠬᠤ ᠲᠤᠬᠠᠢᠯᠠᠭᠰᠠᠨ ᠠᠵᠢᠯ ᠤᠨ ᠶᠠᠰᠤ ᠴᠢᠨ᠋ᠠᠷ ᠢ ᠪᠦᠷᠢᠯᠳᠦᠭᠦᠯᠬᠦ ᠬᠡᠷᠭᠲᠡᠢ᠃ (ᠭᠤᠷᠪᠠ) ᠰᠢᠨᠵᠢᠯᠡᠬᠦ ᠤᠬᠠᠭ᠋ᠠᠨᠴᠢ ᠵᠢᠮ᠎ᠡ ᠶᠤᠰᠤ ᠪᠠᠷ ᠵᠤᠬᠢᠬᠤ ᠬᠡᠮᠵᠢᠶᠡᠨ ᠦ ᠪᠤᠳᠠᠲᠤ ᠠᠰᠠᠭ᠋ᠤᠳᠠᠯ ᠢ ᠵᠠᠳᠠᠯᠵᠤ ᠰᠢᠢᠳᠪᠦᠷᠢᠯᠡᠬᠦ ᠴᠢᠳᠠᠪᠤᠷᠢ ᠪᠠ ᠦᠪᠡᠷ ᠢᠶᠡᠨ ᠰᠤᠷᠴᠤ ᠮᠡᠳᠡᠯᠭᠡ ᠶᠢ ᠰᠢᠨ᠋ᠡᠴᠢᠯᠡᠬᠦ ᠴᠢᠳᠠᠪᠤᠷᠢ ᠲᠠᠢ ᠪᠠᠢᠬᠤ ᠬᠡᠷᠡᠭᠲᠡᠢ᠃ (ᠳᠦᠷᠪᠡ) ᠦᠭᠡ ᠬᠡᠯᠡᠨ ᠦ ᠢᠯᠡᠳᠭᠡᠬᠦ ᠴᠢᠳᠠᠪᠤᠷᠢ ᠪᠠ ᠦᠰᠦᠭ ᠪᠢᠴᠢᠭ ᠦᠨ ᠢᠯᠡᠳᠭᠡᠬᠦ ᠴᠢᠳᠠᠪᠤᠷᠢ ᠶᠢ ᠪᠦᠷᠢᠯᠳᠦᠭᠦᠯᠵᠦ᠂ ᠵᠢᠭ᠋ᠠᠬᠤ ᠳᠤᠮᠳᠠ ᠰᠢᠨᠵᠢᠯᠡᠬᠦ ᠤᠬᠠᠭ᠋ᠠᠨ ᠮᠡᠳᠡᠯᠭᠡ ᠶᠢᠨ ᠣᠨᠴᠠᠯᠢᠭᠲᠤ ᠴᠢᠨ᠋ᠠᠷ ᠢ ᠢᠯᠡᠳᠭᠡᠵᠦ ᠴᠢᠳᠠᠪᠠᠯ ᠵᠤᠬᠢᠨ᠎ᠠ᠃ (ᠲᠠᠪᠤ) ᠲᠤᠰᠬᠠᠢ ᠮᠡᠳᠡᠯᠭᠡ ᠪᠡᠨ ᠦᠢᠯᠡᠳᠦᠯᠭᠡ ᠳᠤᠮᠳᠠ ᠬᠡᠷᠡᠭᠯᠡᠬᠦ ᠦᠨᠳᠦᠰᠦᠨ ᠴᠢᠳᠠᠪᠤᠷᠢ ᠲᠠᠢ ᠪᠠᠢᠪᠠᠯ ᠵᠤᠬᠢᠨ᠎ᠠ᠃ (ᠵᠢᠷᠭ᠋ᠤᠭ᠎ᠠ) ᠰᠤᠷᠭ᠋ᠠᠨ ᠬᠦᠮᠦᠵᠢᠯ ᠦᠨ ᠣᠨ᠋ᠣᠯ ᠢ ᠡᠵᠡᠮᠰᠢᠬᠦ ᠶᠢ ᠣᠨᠴᠤᠭ᠋ᠤᠢ ᠴᠢᠬᠤᠯᠠᠴᠢᠯᠠᠬᠤ ᠪᠦᠭᠡᠳ ᠡᠯ᠎ᠡ ᠵᠤᠢᠯ ᠤᠨ ᠵᠢᠭ᠋ᠠᠬᠤ ᠬᠡᠯᠪᠡᠷᠢ ᠪᠤᠯᠤᠨ ᠠᠷᠭ᠎ᠠ ᠶᠢ ᠬᠡᠷᠡᠭᠯᠡᠨ᠂ ᠰᠤᠷᠭ᠋ᠠᠨ ᠬᠦᠮᠦᠵᠢᠯ ᠦᠨ ᠵᠢᠭ᠋ᠠᠨ ᠰᠤᠷᠭ᠋ᠠᠬᠤ ᠶᠢ ᠵᠤᠬᠢᠶᠠᠨ ᠪᠠᠢᠭ᠋ᠤᠯᠬᠤ ᠶᠡᠷᠦᠩᠬᠡᠢ ᠴᠢᠳᠠᠪᠤᠷᠢ ᠵᠡᠷᠭᠡ ᠶᠢ ᠴᠢᠬᠤᠯᠠᠴᠢᠯᠠᠨ᠎ᠠ᠃ ᠬᠤᠶᠠᠷ᠂ ᠬᠢᠴᠢᠶᠡᠯ ᠪᠠᠢᠷᠢᠰᠢᠭ᠋ᠤᠯᠬᠤ ᠪᠠ ᠬᠢᠴᠢᠶᠡᠯᠯᠡᠬᠦ ᠠᠭ᠋ᠤᠯᠭ᠎ᠠ ᠶᠢᠨ ᠦᠭᠡᠷᠡᠴᠢᠯᠡᠯᠲᠡ᠃ ᠭᠤᠷᠪᠠ᠂ ᠵᠢᠭ᠋ᠠᠬᠤ ᠠᠷᠭ᠎ᠠ ᠶᠢᠨ ᠦᠭᠷᠡᠴᠢᠯᠡᠯᠲᠡ ᠶᠢᠨ ᠲᠤᠬᠠᠢ᠃ |
Original Literature |
No Original Paper
|
出自 |
内蒙古民族大学学报(社会科学)
1986年
第2期
|