Paper Information


Title ᠮᠣᠩᠭᠤᠯ ᠬᠡᠯᠡᠨ ᠳ᠋ᠤ ᠬᠢ ᠲᠡᠳ᠋ ᠨᠢᠭᠡᠴᠢ᠂ ᠲᠡᠳ᠋ ᠪᠦᠲᠦᠭᠡᠪᠦᠷᠢ ᠬᠢᠭᠡᠳ《-ᠮ》ᠲᠡᠳ᠋ ᠪᠦᠲᠦᠭᠡᠪᠦᠷᠢ ᠶᠢᠨ ᠤᠳᠬ ᠠ᠂ ᠡᠭᠦᠷᠭᠡ᠂ ᠨᠠᠢᠷᠠᠭᠤᠯᠭ᠎ᠠ ᠶᠢᠨ ᠣᠨᠴᠠᠯᠢᠭ
Creator 〔ᠮᠣᠩᠭᠤᠯ〕ᠮ‍•ᠡᠩᠬᠡᠵᠢᠷᠭᠠᠯ
Keyword ᠪᠦᠲᠦᠭᠡᠪᠦᠷᠢ ᠵᠦᠢ; ᠮᠣᠩᠭᠤᠯ ᠬᠡᠯᠡ; ᠦᠭᠡ ᠶᠢᠨ ᠤᠳᠬ ᠠ
Abstract ᠣᠷᠴᠢᠨ ᠴᠠᠭ ᠤᠨ ᠮᠣᠩᠭᠤᠯ ᠬᠡᠯᠡᠨ ᠳ᠋ᠤ ᠦᠭᠡ ᠪᠦᠲᠦᠭᠡᠬᠦ ᠤᠯᠠᠨ ᠠᠷᠭ᠎ᠠ ᠪᠢᠠᠳᠠᠭ ᠤᠨ ᠲᠤᠳᠤᠷ ᠠ ᠡᠴᠡ ᠦᠨᠳᠦᠰᠦᠨ ᠠᠷᠭ᠎ᠠ ᠶᠢᠨ ᠨᠢᠭᠡᠨ ᠨᠢ ᠲᠠᠭᠠᠪᠤᠷᠢ ᠶᠢᠨ ᠠᠷᠭ᠎ ᠠ ᠪᠡᠷ ᠦᠪᠡ ᠪᠦᠲᠦᠬᠦ ᠶᠣᠰᠤ ᠶᠣᠮ᠃ ᠡᠨᠡᠨ ᠨᠢ ᠦᠭᠡ  ᠶᠢᠨ ᠢᠵᠠᠭᠤᠷ ᠦᠨᠳᠦᠰᠦᠨ ᠳ᠋ᠤ ᠦᠭᠡ ᠪᠦᠲᠦᠭᠡᠬᠦ ᠲᠠᠭᠠᠪᠤᠷᠢ ᠵᠠᠯᠭᠠᠵᠤ ᠰᠢᠨ᠎ᠠ ᠦᠭᠡᠭᠡ ᠪᠦᠲᠦᠬᠦ ᠠᠷᠭ᠎ᠠ ᠵᠢ ᠬᠡᠯᠡᠳᠡᠭ᠃ ᠭᠡᠲᠠᠯ ᠠ ᠬᠡᠯᠡᠨ ᠤ ᠡᠨᠡ ᠵᠦᠢ ᠲᠤᠭᠲᠠᠭᠠᠯ ᠢ ᠵᠦᠷᠢᠴᠡᠵᠤ᠂ ᠲᠣᠬᠠᠢ ᠶᠢᠨ ᠢᠵᠠᠭᠤᠷ ᠲᠦ ᠲᠠᠭᠠᠪᠤᠷᠢ ᠨᠡᠮᠡᠨ ᠵᠠᠯᠭᠠᠭᠰᠠᠨ ᠴᠦ ᠰᠢᠨ᠎ᠠ ᠤᠳᠬ ᠠ ᠪᠦᠬᠦᠢ ᠦᠭᠡ ᠪᠦᠲᠦᠭᠡᠬᠦ ᠦᠭᠡᠢ ᠪᠠᠢᠭ᠎ᠠ ᠰᠣᠨᠢᠷᠬᠠᠯᠲᠠᠢ ᠦᠵᠡᠭᠳᠡᠯ ᠠᠵᠢᠭᠯᠠᠭᠳᠠᠵᠤ ᠪᠠᠢᠨ᠎ᠠ᠃ ᠦᠭᠡ ᠵᠦᠢ ᠪᠤᠶᠦ ᠪᠦᠲᠦᠭᠡᠪᠦᠷᠢ ᠶᠢᠨ ᠲᠦᠪᠰᠢᠨ ᠳ᠋ᠤ ᠡᠭᠦᠨ ᠢ ᠲᠡᠳ; ᠪᠦᠲᠦᠭᠡᠪᠦᠷᠢ ᠬᠡᠮᠡᠨ ᠨᠡᠷᠡᠯᠡᠳᠡᠭ᠃ ᠤᠭ ᠦᠭᠦᠯᠡᠯ ᠳ᠋ᠤ ᠮᠣᠩᠭᠤᠯ ᠬᠡᠯᠡᠨ ᠤ 《ᠮ》 ᠲᠡᠳ᠋ ᠪᠦᠲᠦᠭᠡᠪᠦᠷᠢ ᠪᠦᠬᠦᠢ ᠦᠭᠡᠰ ᠤᠨ ᠤᠳᠬ ᠠ᠂ ᠬᠡᠯᠪᠡᠷᠢ᠂ᠣᠨᠴᠠᠯᠢᠭ ᠢ ᠨᠠᠢᠷᠠᠭᠤᠯᠭ᠎ᠠ ᠶᠢᠨ ᠲᠠᠯ ᠠ ᠡᠴᠡ ᠨᠢ ᠲᠠᠢᠯᠪᠤᠷᠢᠯᠠᠬᠤ ᠨᠢ ᠤᠷᠤᠯᠳᠤᠪᠠ᠃
Original Literature View Original Paper
出自 内蒙古大学学报 2015年 第6期

联系我们


内蒙古大学图书馆
呼和浩特市大学西路235号
中国·内蒙古
P: (0471) 4992561
E: huangfeilong@imu.edu.cn