Title |
ᠯᠣᠭᠢᠭ ᠤᠨ ᠰᠢᠭᠦᠮᠵᠢᠯᠠᠯᠲᠤ ᠰᠡᠳᠬᠢᠭᠦᠢ ᠶᠢᠨ ᠭᠦᠭ᠍ᠵᠢᠯ ᠤᠨ ᠲᠣᠬᠠᠢ |
Creator |
ᠰᠢᠶᠸ ᠰᠢᠦ ᠯᠠᠨ |
Keyword |
ᠰᠢᠭᠦᠮᠵᠢᠯᠠᠯᠲᠦ ᠰᠡᠳᠬᠢᠬᠦᠢ; ᠡᠭᠦᠰᠦᠯ ᠭᠦᠭ᠍ᠵᠢᠯ; ᠬᠡᠯᠪᠡᠷᠢ ᠪᠣᠰᠤ ᠯᠣᠬᠢᠭ |
Abstract |
ᠰᠢᠬᠦᠮᠵᠢᠯᠠᠯᠲᠤ ᠰᠡᠳᠬᠢᠭᠦᠢ ᠪᠣᠯ ᠦᠷᠦᠨᠡᠳᠡᠬᠢᠨ ᠤ ᠰᠢᠨ᠌ ᠠ ᠪᠡᠷ ᠭᠦᠭ᠍ᠵᠢᠭᠰᠡᠨ ᠯᠣᠬᠢᠭ ᠤᠨ ᠨᠢᠭᠡ ᠰᠠᠯᠪᠤᠷᠢ ᠰᠢᠨᠵᠢᠯᠡᠬᠦ ᠤᠬᠠᠭᠠᠨ ᠪᠣᠯᠤᠨ᠌ ᠠ᠃ ᠲᠡᠷᠡ ᠨᠢ ᠪᠠᠢᠢᠭᠠᠯᠢᠯᠢᠭ᠋ ᠬᠡᠯᠡ ᠪᠡᠷ ᠢᠯᠡᠳᠭᠡᠬᠦ ᠬᠡᠯᠪᠡᠷᠢ ᠪᠠᠨ ᠪᠣᠯᠭᠠᠵᠤ᠂ ᠬᠦᠮᠦᠰ ᠤᠨ ᠪᠣᠳᠠᠳᠦ ᠠᠮᠢᠳᠤᠷᠠᠯ ᠲᠠᠢ ᠨᠢᠭᠲᠠ ᠤᠶᠠᠯᠳᠤᠭᠰᠠᠨ ᠲᠠᠯ ᠠ ᠪᠡᠷ ᠤᠯᠠᠮᠵᠢᠯᠠᠯᠲᠤ ᠯᠣᠬᠢᠭ ᠪᠣᠯᠤᠨ ᠲᠣᠭᠠᠨ ᠤ ᠯᠣᠬᠢᠭ ᠤᠨ ᠲᠤᠲᠠᠭᠲᠠᠯ ᠲᠠᠢ ᠲᠠᠯ ᠠ ᠵᠢ ᠨᠦᠬᠦᠪᠦᠷᠢᠯᠡᠵᠦ᠂ ᠯᠣᠬᠢᠭ ᠤᠨ ᠰᠢᠨᠵᠢᠯᠡᠬᠦ ᠤᠬᠠᠭᠠᠨ ᠤ ᠭᠦᠭ᠍ᠵᠢᠯᠲᠡ ᠶᠢᠨ ᠰᠢᠨ᠌ ᠠ ᠴᠢᠭᠯᠡᠯ ᠢ ᠬᠠᠷᠠᠭᠤᠯᠵᠤ ᠪᠠᠢᠢᠨ᠋᠌ ᠠ᠃ ᠦᠭᠦᠯᠡᠯ ᠳᠤ ᠮᠠᠨ ᠤ ᠤᠯᠤᠰ ᠲᠤ ᠠᠩᠭ ᠠ ᠡᠬᠢᠯᠠᠨ ᠶᠠᠪᠤᠭᠳᠠᠵᠤ ᠪᠠᠢᠢᠭ᠋ ᠠ ᠴᠤ᠋ ᠰᠢᠨ᠌ ᠠ ᠰᠣᠳᠤᠯᠭᠠᠨ ᠤ ᠰᠡᠳᠦᠪ ᠪᠣᠯᠵᠤ ᠪᠠᠢᠢᠬ᠋ ᠠ ᠰᠢᠬᠦᠮᠵᠢᠯᠠᠯᠲᠤ ᠰᠡᠳᠬᠢᠬᠦᠢ ᠶᠢᠨ ᠡᠭᠦᠰᠦᠯ ᠤᠨ ᠲᠡᠦᠬᠡᠲᠦ ᠠᠬᠤᠢ ᠭᠦᠭ᠍ᠵᠢᠯ ᠤᠨ ᠲᠣᠬᠠᠢ ᠤᠢᠢᠯᠠᠭᠠᠯᠲᠠ ᠪᠠᠨ ᠲᠦᠭᠦᠮ ᠦᠭᠦᠯᠡᠵᠦ᠂ ᠮᠠᠨ ᠤ ᠤᠯᠤᠰ ᠦᠨᠳᠦᠰᠦᠲᠡᠨ ᠤ ᠰᠡᠳᠬᠢᠭᠦᠢ ᠶᠢᠨ ᠲᠠᠪᠠᠭᠤᠯᠢᠭ ᠲᠠᠯ ᠠ ᠪᠠᠨ ᠤᠯᠠᠮ ᠪᠠᠳᠠᠷᠠᠭᠤᠯᠵᠤ᠂ ᠰᠡᠳᠬᠢᠬᠦᠢ ᠶᠢᠨ ᠴᠢᠳᠠᠪᠤᠷᠢ ᠶᠡᠷᠦᠩᠬᠡᠢ ᠤᠤᠷ ᠴᠢᠨᠠᠷ ᠢ ᠲᠡᠭᠡᠭ᠍ᠰᠢᠯᠡᠭᠦᠯᠬᠦ ᠳᠤ ᠵᠣᠬᠢᠬᠤ ᠦᠢᠯᠡᠳᠦᠯ ᠦᠵᠡᠭᠦᠯᠬᠦ ᠵᠢ ᠵᠣᠷᠢᠭᠰᠠᠨ ᠪᠠᠢᠢᠨ᠌ ᠠ᠃ |
Original Literature |
View Original Paper
|
出自 |
内蒙古民族大学学报(社会科学)
2013年
第1期
|