Paper Information


Title ᠠᠷᠵᠠᠢ ᠠᠭᠤᠢ ᠶᠢᠨ 33᠋ ᠳᠤᠭᠠᠷ ᠨᠤᠮᠧᠷᠲᠤ ᠠᠭᠤᠢ ᠳᠠᠬᠢ ᠤᠪᠠᠰᠢ ᠳᠠᠷᠠᠮᠳᠠᠯᠠ ᠶᠢᠨ ᠵᠢᠷᠤᠭ ᠤᠨ ᠲᠤᠬᠠᠢ ᠰᠤᠳᠤᠯᠤᠯ
Creator ᠨᠠ‍᠂ ᠪᠠᠲᠤᠵᠢᠷᠭᠠᠯ
Keyword ᠠᠷᠵᠠᠢ ᠠᠭᠤᠢ; 33᠋ ᠳᠤᠭᠠᠷ ᠨᠣᠮᠧᠷᠲᠤ; ᠤᠪᠠᠰᠢ ᠳᠠᠷᠠᠮᠳᠠᠯᠠ ᠶᠢᠨ ᠵᠢᠷᠤᠭ
Abstract ᠠᠷᠵᠠᠢ ᠠᠭᠤᠢ ᠶᠢᠨ 33᠋ ᠳᠤᠭᠠᠷ ᠨᠤᠮᠧᠷᠲᠤ ᠠᠭᠤᠢ ᠶᠢᠨ ᠡᠮᠦᠨ᠎ᠡ ᠬᠤᠢ᠌ᠨ᠎ᠠ ᠬᠠᠨᠠ ᠳᠠᠬᠢ ᠲᠤᠮᠤ ᠬᠡᠮᠵᠢᠶᠡ ᠦ ᠠᠭᠤᠯᠠ ᠤᠰᠤ ᠤ ᠵᠢᠷᠤᠭ ᠪᠤᠯ ᠲᠠᠩ᠋ᠭᠤᠳ ᠤᠯᠤᠰ ᠤᠨ ᠦᠶ᠎ᠡ ᠳᠡᠬᠢ ᠬᠠᠲᠤᠨ ᠭᠤᠤᠯ ᠤᠨ ᠬᠤᠶᠠᠷ ᠬᠦᠪᠡᠭᠡᠨ ᠦ ᠠᠭᠤᠯᠠ ᠤᠰᠤ᠂ ᠣᠢ ᠮᠤᠳᠤ᠂ ᠲᠠᠯ᠎ᠠ ᠨᠤᠲᠤᠭ ᠤᠨ ᠦᠩᠭᠡ ᠦᠵᠡᠮᠵᠢ ᠪᠡᠷ ᠠᠷᠤ ᠦᠵᠡᠭᠳᠡᠯ ᠪᠤᠯᠭᠠᠨ᠂ ᠪᠤᠳ᠋ᠳ᠋ᠾᠠ ᠶᠢᠨ ᠱᠠᠰᠢᠨ ᠤ ᠦᠯᠢᠭᠡᠷᠲᠦ ᠦᠢᠯᠡ ᠶᠠᠪᠤᠳᠠᠯ ᠢᠶᠠᠷ ᠰᠡᠳᠦᠪᠯᠡᠭᠦᠨ ᠪᠤᠭᠠᠨ᠂ ᠲᠤᠬᠠ ᠶᠢᠨ ᠦᠶ᠎ᠡ ᠶᠢᠨ ᠠᠯᠠᠱᠠ ᠠᠤᠯᠠ (ᠾᠯᠠᠨᠱᠠᠨ ᠠᠭᠤᠯᠠ) ᠪᠤᠯᠤᠨ ᠠᠷᠪᠠᠰ ᠤᠨ ᠠᠭᠤᠯᠠ ᠵᠢᠴᠢ ᠬᠠᠲᠤᠨ ᠭᠤᠤᠯ ᠣᠷᠴᠢᠮ ᠤᠨ ᠬᠦᠮᠦᠨ ᠠᠷᠠᠳ ᠤᠨ ᠠᠮᠢᠳᠤᠷᠠᠯ ᠤᠨ ᠬᠡᠪ ᠨᠠᠮᠪᠠ ᠶᠢ ᠳᠤᠰᠬᠠᠭᠰᠠᠨ ᠠᠷᠵᠠᠢ ᠶᠢᠨ ᠠᠭᠤᠢ᠌ᠰ ᠲᠤ ᠣᠳᠣ ᠪᠠᠷ ᠪᠠᠢ᠌ᠭ᠎ᠠ ᠴᠤᠷ ᠤᠨ ᠭᠠᠭᠴᠠ ᠲᠤᠮᠤ ᠬᠡᠮᠵᠢᠶᠡᠨ ᠦ ᠠᠭᠤᠯᠠ ᠤᠰᠤᠨ ᠤ ᠵᠢᠷᠤᠭ ᠪᠤᠯᠤᠨ᠎ᠠ᠃ ᠮᠠᠨ ᠤ ᠰᠤᠳᠤᠯᠤᠭᠰᠠᠨ ᠢᠶᠠᠷ ᠲᠤᠰ ᠵᠢᠷᠤᠭ ᠨᠢ ᠬᠢᠲᠠᠳ ᠣᠷᠤᠨ ᠤ ᠤᠰᠤᠨ ᠪᠤᠳᠤᠭ ᠤᠨ ᠵᠢᠷᠤᠭᠯᠠᠬᠤ ᠤᠷᠠᠯᠢᠭ ᠤᠨ ᠵᠠᠶ‍ᠢᠭ ᠲᠢᠭ᠌ ᠢ ᠳᠠᠭᠤᠷᠢᠶᠠᠯᠭᠠᠨ ᠵᠢᠷᠤᠭᠰᠠᠨ ᠮᠣᠩ᠋ᠭᠤᠯ ᠪᠤᠶᠤ ᠲᠠᠩ᠋ᠭᠤᠳ ᠤᠷᠠᠯᠢᠭᠴᠢᠳ ᠤᠨ ᠭᠠᠷ ᠢᠶᠠᠷ ᠪᠦᠲᠦᠭᠡᠭ᠍ᠳᠡᠭᠰᠡᠨ ᠰᠤᠳᠤᠨ ᠪᠦᠲᠦᠡᠯ ᠪᠤᠯᠬᠤ ᠨᠢ ᠭᠠᠷᠴᠠᠭ᠎ᠠ ᠦᠭᠡᠢ᠃
Original Literature View Original Paper
出自 内蒙古大学学报 2012年 第1期

联系我们


内蒙古大学图书馆
呼和浩特市大学西路235号
中国·内蒙古
P: (0471) 4992561
E: huangfeilong@imu.edu.cn