Paper Information


Title ᠰᠤᠶᠤᠯ ᠬᠡᠯᠡ ᠰᠢᠨᠵᠢᠯᠡᠯ ᠪᠡ ᠡᠷᠲᠡᠨ ᠦ ᠮᠣᠩᠭᠤᠯᠴᠤᠳ ᠤᠨ ᠰᠤᠶᠤᠯ ᠰᠡᠵᠡᠭᠡᠴᠡ ᠶᠢᠨ ᠰᠤᠷᠪᠤᠯᠵᠢ
Creator ᠬ‍ · ᠬᠠᠢᠷᠬᠠᠨ
Keyword
Abstract ᠲᠤᠰ ᠦᠭᠦᠯᠡᠯ ᠳᠦ ᠮᠣᠩᠭᠤᠯ ᠬᠡᠯᠡ ᠰᠢᠨᠵᠢᠯᠡᠯ ᠪᠤᠶᠤ ᠴᠢᠨ᠋ᠠᠭᠰᠢᠯᠠᠭ᠋ᠠᠳ ᠪᠦᠬᠦᠢᠯᠡ ᠬᠡᠯᠡ ᠰᠢᠨᠵᠢᠯᠡᠭᠡᠨ ᠦ ᠬᠦᠷᠢᠶᠡᠨ ᠳᠡᠬᠢ ᠬᠡᠯᠡ ᠶᠢ ᠵᠦᠪᠬᠡᠨ ᠬᠡᠯᠡ ᠪᠡᠷ ᠨᠢ ᠰᠤᠳᠤᠯᠬᠤ ᠭᠡᠳᠡᠭ ᠣᠳᠣ ᠦᠶ᠎ᠡ ᠶᠢᠨ ᠬᠡᠯᠡᠨ ᠦ ᠣᠨ᠋ᠣᠯ ᠤᠨ ᠳᠤᠲᠠᠮᠠᠭ ᠲᠠᠯ᠎ᠠ ᠶᠢ ᠳᠤᠷᠠᠳᠴᠤ᠂ ᠬᠡᠯᠡ ᠶᠢ ᠵᠠᠪᠠᠯ ᠪᠤᠰᠤᠳ ᠬᠤᠯᠪᠤᠭᠳᠠᠭᠰᠠᠨ ᠵᠤᠢᠯᠡᠰ — ᠰᠤᠶᠤᠯ ᠲᠠᠢ ᠠᠶᠠᠯᠳᠠᠭ᠋ᠠᠯᠠᠨ ᠰᠤᠳᠤᠯᠪᠠᠯ ᠵᠤᠬᠢᠬᠤ ᠭᠡᠳᠡᠭ ᠰᠠᠨ᠋ᠠᠭ᠎ᠠ ᠶᠢ ᠦᠭᠦᠯᠡᠵᠡᠢ᠃ ᠡᠭᠦᠨ ᠳᠦ ᠄ (1) ᠬᠡᠯᠡ ᠰᠢᠨᠵᠢᠯᠡᠯ ᠳᠦ ᠢᠯᠠᠩᠭ᠋ᠤᠶ᠎ᠠ ᠪᠦᠲᠦᠴᠡ ᠦᠵᠡᠯ ᠦᠨ ᠬᠡᠯᠡ ᠰᠢᠨᠵᠢᠯᠡᠯ ᠨᠢ ᠬᠡᠯᠡ ᠶᠢ ᠪᠦᠲᠦᠴᠡ ᠪᠡᠷ ᠨᠢ᠂ ᠵᠢᠮ᠎ᠡ ᠬᠠᠤᠯᠢ ᠪᠠᠷ ᠬᠡᠯᠪᠡᠷᠴᠡᠯᠡᠵᠦ᠂ ᠬᠡᠯᠡ ᠯᠦᠭᠡ ᠬᠤᠯᠪᠤᠭᠳᠠᠬᠤ ᠪᠤᠰᠤᠳ ᠵᠤᠢᠯᠡᠰ ᠡᠴᠡ ᠲᠤᠰᠠᠭ᠋ᠠᠷᠯᠳᠠᠭ᠃ ᠡᠢᠮᠦ ᠡᠴᠡ ᠨᠡᠢᠭᠡᠮ ᠦᠨ ᠦᠵᠡᠭᠳᠡᠯ ᠪᠤᠯᠬᠤ ᠬᠡᠯᠡ ᠶᠢ ᠨᠡᠢᠭᠡᠮ ᠲᠡᠦᠬᠡ ᠶᠢᠨ ᠣᠷᠴᠢᠨ ᠪᠠ ᠪᠤᠰᠤᠳ ᠬᠦᠮᠦᠨ ᠲᠦᠷᠦᠯᠬᠢᠲᠡᠨ ᠦ ᠰᠤᠶᠤᠯ ᠯᠤᠭ᠎ᠠ ᠨᠢᠭᠲᠠ ᠬᠤᠯᠪᠤᠭᠳᠠᠭ᠋ᠤᠯᠵᠤ ᠶᠡᠷᠦᠩᠬᠡᠢᠯᠡᠨ ᠰᠤᠳᠤᠯᠬᠤ ᠬᠡᠷᠡᠭᠲᠡᠢ ᠶᠤᠮ᠃ (2) ᠬᠡᠯᠡ ᠪᠡ ᠰᠤᠶᠤᠯ ᠤᠨ ᠬᠠᠷᠢᠴᠠᠭ᠋ᠠᠨ ᠳᠤ᠂ ᠶᠠᠭ᠋ᠤᠨ ᠤ ᠡᠮᠦᠨ᠎ᠡ ᠬᠡᠯᠡ ᠪᠡ ᠰᠡᠳᠬᠢᠭᠦᠢ ᠶᠢᠨ ᠬᠠᠷᠢᠴᠠᠭ᠋ᠠᠨ ᠤ ᠠᠰᠠᠭ᠋ᠤᠳᠠᠯ ᠪᠤᠯ ᠲᠡᠷᠢᠭᠦᠨ ᠴᠢᠬᠤᠯᠠ ᠠᠰᠠᠭ᠋ᠤᠳᠠᠯ ᠮᠦᠨ᠃ ᠡᠭᠦᠨ ᠢ ᠣᠳᠣ ᠦᠶ᠎ᠡ ᠶᠢᠨ ᠣᠨ᠋ᠣᠯ ᠬᠡᠯᠡ ᠰᠢᠨᠵᠢᠯᠡᠯ ᠳᠦ ᠴᠦ ᠮᠡᠳᠡᠷᠡᠳᠡᠭ᠃ ᠡᠢᠮᠦ ᠡᠴᠡ ᠦᠨᠳᠦᠰᠦᠲᠡᠨ ᠦ ᠬᠡᠯᠡ ᠶᠢ ᠵᠠᠪᠠᠯ ᠲᠡᠳᠡᠨ ᠦ ᠰᠡᠳᠬᠢᠭᠦᠢ ᠶᠢᠨ ᠣᠨᠴᠠᠯᠢᠭ᠂ ᠰᠤᠶᠤᠯ ᠰᠡᠳᠬᠢᠴᠡ ᠲᠡᠢ ᠤᠶᠠᠯᠳᠤᠭ᠋ᠤᠯᠵᠤ ᠰᠤᠳᠤᠯᠬᠤ ᠬᠡᠷᠡᠭᠲᠡᠢ ᠶᠤᠮ᠃ ᠭᠡᠬᠦ ᠳᠡᠭᠡᠨ ᠦᠨᠳᠦᠰᠦᠲᠡᠨ ᠦ ᠰᠤᠶᠤᠯ ᠰᠡᠳᠬᠢᠴᠡ ᠪᠡ ᠲᠡᠭᠦᠨ ᠦ ᠣᠨᠴᠠᠯᠢᠭ ᠨᠢ ᠮᠦᠨ ᠲᠡᠳᠡᠨ ᠦ ᠭᠠᠵᠠᠷ ᠵᠦᠢ᠂ ᠪᠠᠢᠭ᠋ᠠᠯᠢ ᠶᠢᠨ ᠣᠷᠴᠢᠨ ᠠᠬᠤᠢ ᠪᠠ ᠠᠮᠢᠳᠤᠷᠠᠯ ᠤᠨ ᠬᠡᠯᠪᠡᠷᠢ ᠵᠡᠷᠭᠡ ᠠᠵᠤ ᠠᠬᠤᠢ (ᠰᠤᠶᠤᠯ ᠭᠡᠵᠦ ᠬᠤᠷᠢᠶᠠᠩᠭ᠋ᠤᠢᠯᠠᠳᠠᠭ) ᠶᠢᠨ ᠣᠨᠴᠠᠯᠢᠭ ᠵᠡᠷᠭᠡ ᠡᠴᠡ ᠨᠢ ᠰᠢᠳᠪᠦᠷᠢᠯᠡᠳᠡᠳᠡᠭ ᠭᠡᠬᠦ ᠮᠡᠲᠦ ᠦᠵᠡᠯᠲᠡ ᠶᠢ ᠳᠤᠷᠠᠳᠴᠠᠢ᠃
Original Literature No Original Paper
出自 内蒙古民族大学学报(社会科学) 1993年 第4期

联系我们


内蒙古大学图书馆
呼和浩特市大学西路235号
中国·内蒙古
P: (0471) 4992561
E: huangfeilong@imu.edu.cn