Paper Information


Title ᠣᠷᠴᠢᠨ ᠦᠶ᠎ᠡ ᠶᠢᠨ ᠢᠷᠠᠭᠤ ᠨᠠᠢᠷᠠᠭ ᠲᠠᠬᠢ ᠰᠡᠯᠡᠮ᠎ᠡ ᠶᠢᠨ ᠪᠡᠯᠭᠡᠳᠡᠯ
Creator ᠳᠤᠷᠤᠨᠠᠲ᠋ᠡᠭᠷᠢ
Keyword ᠢᠷᠠᠭᠤ ᠨᠠᠢᠷᠠᠭ; ᠰᠡᠯᠡᠮ᠎ᠡ; ᠪᠡᠯᠭᠡᠳᠡᠯ
Abstract ᠢᠷᠠᠭᠤ ᠨᠠᠢᠷᠠᠭ ᠨᠢ ᠳᠤᠮᠤᠭ ᠲᠤᠤᠯᠢ ᠶᠢᠨ ᠪᠠᠯᠠᠷᠠᠯᠢᠭ ᠣᠢᠯᠠᠭᠠᠯᠲᠠ᠂ ᠨᠢᠯᠬᠠᠰᠠᠭ ᠲᠠᠨᠢᠯᠲᠠ᠂ ᠳᠤᠮᠤᠭᠯᠢᠭ ᠰᠡᠳᠬᠢᠯᠭᠡ᠂ ᠨᠢᠭᠤᠴᠠᠭᠠᠢ ᠦᠩᠭᠡ ᠪᠤᠳᠤᠭ ᠢ ᠶᠤᠰᠤᠴᠢᠯᠠᠨ ᠦᠯᠡᠳᠡᠭᠡᠭᠰᠡᠨ ᠪᠤᠯᠬᠤᠷ ᠢᠷᠠᠭᠤ ᠨᠠᠢᠷᠠᠭ ᠤᠨ ᠬᠡᠯᠡᠯᠭᠡ ᠨᠢ ᠡᠷᠲᠡᠨ ᠬᠢᠭᠡᠳ ᠡᠳᠦᠭᠡ᠂ ᠢᠷᠭᠡᠨ ᠬᠢᠭᠡᠳ ᠰᠡᠭᠡᠭᠡᠲᠡᠨ ᠢ ᠵᠠᠩᠭᠢᠳᠤᠨ ᠬᠤᠯᠪᠤᠭᠰᠠᠨ ᠠᠯᠲᠠᠨ ᠠᠷᠭᠠᠮᠵᠢᠶ᠎ᠠ ᠪᠤᠯᠵᠠᠢ᠃ ᠲᠤᠰ ᠦᠭᠦᠯᠡᠯ ᠡᠢᠮᠦᠷᠭᠦᠦ ᠣᠢᠯᠠᠭᠠᠯᠲᠠ ᠠᠴᠠ ᠡᠭᠦᠰᠦᠨ ᠣᠷᠴᠢᠨ ᠦᠶ᠎ᠡ (ᠳᠡᠯᠭᠡᠷᠡᠩᠭᠦᠢ ᠤᠳᠬ᠎ᠠ) ᠶᠢᠨ ᠢᠷᠠᠭᠤ ᠨᠠᠢᠷᠠᠭ ᠲᠠᠬᠢ ᠰᠡᠯᠡᠮ᠎ᠡ ᠶᠢᠨ ᠪᠡᠯᠭᠡᠳᠡᠯ ᠤᠳᠬ᠎ᠠ ᠳᠤ ᠳᠦᠷᠰᠦᠯᠡᠯ ᠬᠢᠪᠡ᠃ ᠣᠷᠴᠢᠨ ᠦᠶ᠎᠎ᠡ ᠶᠢᠨ ᠢᠷᠠᠭᠤ ᠨᠠᠢᠷᠠᠭ ᠲᠤᠭᠤᠷᠪᠢᠯ ᠳᠠᠬᠢ ᠰᠡᠯᠡᠮ᠎ᠡ ᠨᠢ ᠤᠵᠠᠭᠤᠷ ᠮᠣᠩᠭᠤᠯᠴᠤᠳ ᠤᠨ ᠵᠠᠩᠰᠢᠯ ᠰᠢᠲᠦᠯᠭᠡ ᠶᠢᠨ ᠰᠡᠳᠭᠢᠯᠭᠡ ᠶᠢᠨ ᠤᠯᠠ ᠮᠦᠷ ᠢ ᠬᠠᠳᠠᠭᠠᠯᠠᠭᠰᠠᠨ ᠲᠡᠳᠦᠢ ᠦᠭᠡᠢ᠂ ᠣᠷᠴᠢᠨ ᠦᠶ᠎ᠡ ᠶᠢᠨ ᠬᠦᠮᠦᠰ ᠦᠨ ᠭᠤᠤ᠎ᠠ ᠰᠠᠢᠬᠠᠨ ᠤ ᠰᠡᠳᠭᠢᠯᠭᠡ᠂ ᠠᠮᠢᠳᠤᠷᠠᠬᠤᠢ ᠶᠢᠨ ᠬᠡᠯᠪᠡᠷᠢ ᠶᠢᠨ ᠢᠯᠡᠳᠭᠡᠯ ᠪᠤᠯᠤᠭᠰᠠᠨ ᠪᠠᠢᠵᠠᠢ᠃ ᠡᠭᠦᠨ ᠳᠦ ᠰᠡᠯᠡᠮ ᠡ ᠨᠢ ᠪᠠᠭᠠᠲᠤᠷ ᠤᠨ ᠴᠤᠭ ᠰᠦᠯᠳᠡ ᠪᠤᠶᠤ ᠪᠠᠭᠠᠲᠤᠷ ᠤᠨ ᠠᠮᠢᠳᠤᠷᠠᠬᠤᠢ ᠬᠡᠯᠪᠡᠷᠢ ᠶᠢᠨ ᠲᠡᠮᠳᠡᠭ᠂ ᠰᠡᠯᠡᠮ᠎ᠡ ᠨᠢ ᠪᠠᠭᠠᠲᠤᠷ ᠤᠨ ᠲᠡᠮᠳᠡᠭ᠂ ᠰᠡᠯᠡᠮ᠎ᠡ ᠨᠢ ᠠᠭᠤᠷ ᠬᠢᠯᠢᠩ᠂ ᠦᠰᠢᠶ᠎ᠡ ᠬᠤᠷᠤᠰᠤᠯ᠂ ᠰᠦᠷᠳᠡᠭᠦᠯᠦᠯ ᠳᠠᠢᠰᠤᠩᠨᠠᠯ ᠤᠨ ᠲᠡᠮᠳᠡᠭ᠂ ᠭᠡᠭᠡᠭᠰᠡᠨ ᠰᠡᠯᠡᠮ᠎ᠡ ᠨᠢ ᠠᠯᠳᠠᠭᠳᠠᠭᠰᠠᠨ ᠴᠤᠭ ᠰᠦᠯᠳᠡ ᠶᠢᠨ ᠲᠡᠮᠳᠡᠭ ᠵᠡᠷᠭᠡ ᠣᠢᠯᠠᠭᠠᠯᠲᠠ ᠶᠢ ᠢᠯᠡᠳᠭᠡᠬᠦ ᠪᠤᠯᠤᠭᠰᠠᠨ ᠪᠠᠢᠨ᠎ᠠ᠃
Original Literature No Original Paper
出自 内蒙古民族大学学报(社会科学) 2003年 第2期

联系我们


内蒙古大学图书馆
呼和浩特市大学西路235号
中国·内蒙古
P: (0471) 4992561
E: huangfeilong@imu.edu.cn