Title |
ᠣᠷᠴᠢᠨ ᠦᠶ᠎ᠡ ᠶᠢᠨ ᠢᠷᠠᠭᠤ ᠨᠠᠢᠷᠠᠭ ᠲᠠᠬᠢ ᠰᠡᠯᠡᠮ᠎ᠡ ᠶᠢᠨ ᠪᠡᠯᠭᠡᠳᠡᠯ |
Creator |
ᠳᠤᠷᠤᠨᠠᠲ᠋ᠡᠭᠷᠢ |
Keyword |
ᠢᠷᠠᠭᠤ ᠨᠠᠢᠷᠠᠭ; ᠰᠡᠯᠡᠮ᠎ᠡ; ᠪᠡᠯᠭᠡᠳᠡᠯ |
Abstract |
ᠢᠷᠠᠭᠤ ᠨᠠᠢᠷᠠᠭ ᠨᠢ ᠳᠤᠮᠤᠭ ᠲᠤᠤᠯᠢ ᠶᠢᠨ ᠪᠠᠯᠠᠷᠠᠯᠢᠭ ᠣᠢᠯᠠᠭᠠᠯᠲᠠ᠂ ᠨᠢᠯᠬᠠᠰᠠᠭ ᠲᠠᠨᠢᠯᠲᠠ᠂ ᠳᠤᠮᠤᠭᠯᠢᠭ ᠰᠡᠳᠬᠢᠯᠭᠡ᠂ ᠨᠢᠭᠤᠴᠠᠭᠠᠢ ᠦᠩᠭᠡ ᠪᠤᠳᠤᠭ ᠢ ᠶᠤᠰᠤᠴᠢᠯᠠᠨ ᠦᠯᠡᠳᠡᠭᠡᠭᠰᠡᠨ ᠪᠤᠯᠬᠤᠷ ᠢᠷᠠᠭᠤ ᠨᠠᠢᠷᠠᠭ ᠤᠨ ᠬᠡᠯᠡᠯᠭᠡ ᠨᠢ ᠡᠷᠲᠡᠨ ᠬᠢᠭᠡᠳ ᠡᠳᠦᠭᠡ᠂ ᠢᠷᠭᠡᠨ ᠬᠢᠭᠡᠳ ᠰᠡᠭᠡᠭᠡᠲᠡᠨ ᠢ ᠵᠠᠩᠭᠢᠳᠤᠨ ᠬᠤᠯᠪᠤᠭᠰᠠᠨ ᠠᠯᠲᠠᠨ ᠠᠷᠭᠠᠮᠵᠢᠶ᠎ᠠ ᠪᠤᠯᠵᠠᠢ᠃ ᠲᠤᠰ ᠦᠭᠦᠯᠡᠯ ᠡᠢᠮᠦᠷᠭᠦᠦ ᠣᠢᠯᠠᠭᠠᠯᠲᠠ ᠠᠴᠠ ᠡᠭᠦᠰᠦᠨ ᠣᠷᠴᠢᠨ ᠦᠶ᠎ᠡ (ᠳᠡᠯᠭᠡᠷᠡᠩᠭᠦᠢ ᠤᠳᠬ᠎ᠠ) ᠶᠢᠨ ᠢᠷᠠᠭᠤ ᠨᠠᠢᠷᠠᠭ ᠲᠠᠬᠢ ᠰᠡᠯᠡᠮ᠎ᠡ ᠶᠢᠨ ᠪᠡᠯᠭᠡᠳᠡᠯ ᠤᠳᠬ᠎ᠠ ᠳᠤ ᠳᠦᠷᠰᠦᠯᠡᠯ ᠬᠢᠪᠡ᠃ ᠣᠷᠴᠢᠨ ᠦᠶ᠎ᠡ ᠶᠢᠨ ᠢᠷᠠᠭᠤ ᠨᠠᠢᠷᠠᠭ ᠲᠤᠭᠤᠷᠪᠢᠯ ᠳᠠᠬᠢ ᠰᠡᠯᠡᠮ᠎ᠡ ᠨᠢ ᠤᠵᠠᠭᠤᠷ ᠮᠣᠩᠭᠤᠯᠴᠤᠳ ᠤᠨ ᠵᠠᠩᠰᠢᠯ ᠰᠢᠲᠦᠯᠭᠡ ᠶᠢᠨ ᠰᠡᠳᠭᠢᠯᠭᠡ ᠶᠢᠨ ᠤᠯᠠ ᠮᠦᠷ ᠢ ᠬᠠᠳᠠᠭᠠᠯᠠᠭᠰᠠᠨ ᠲᠡᠳᠦᠢ ᠦᠭᠡᠢ᠂ ᠣᠷᠴᠢᠨ ᠦᠶ᠎ᠡ ᠶᠢᠨ ᠬᠦᠮᠦᠰ ᠦᠨ ᠭᠤᠤ᠎ᠠ ᠰᠠᠢᠬᠠᠨ ᠤ ᠰᠡᠳᠭᠢᠯᠭᠡ᠂ ᠠᠮᠢᠳᠤᠷᠠᠬᠤᠢ ᠶᠢᠨ ᠬᠡᠯᠪᠡᠷᠢ ᠶᠢᠨ ᠢᠯᠡᠳᠭᠡᠯ ᠪᠤᠯᠤᠭᠰᠠᠨ ᠪᠠᠢᠵᠠᠢ᠃ ᠡᠭᠦᠨ ᠳᠦ ᠰᠡᠯᠡᠮ ᠡ ᠨᠢ ᠪᠠᠭᠠᠲᠤᠷ ᠤᠨ ᠴᠤᠭ ᠰᠦᠯᠳᠡ ᠪᠤᠶᠤ ᠪᠠᠭᠠᠲᠤᠷ ᠤᠨ ᠠᠮᠢᠳᠤᠷᠠᠬᠤᠢ ᠬᠡᠯᠪᠡᠷᠢ ᠶᠢᠨ ᠲᠡᠮᠳᠡᠭ᠂ ᠰᠡᠯᠡᠮ᠎ᠡ ᠨᠢ ᠪᠠᠭᠠᠲᠤᠷ ᠤᠨ ᠲᠡᠮᠳᠡᠭ᠂ ᠰᠡᠯᠡᠮ᠎ᠡ ᠨᠢ ᠠᠭᠤᠷ ᠬᠢᠯᠢᠩ᠂ ᠦᠰᠢᠶ᠎ᠡ ᠬᠤᠷᠤᠰᠤᠯ᠂ ᠰᠦᠷᠳᠡᠭᠦᠯᠦᠯ ᠳᠠᠢᠰᠤᠩᠨᠠᠯ ᠤᠨ ᠲᠡᠮᠳᠡᠭ᠂ ᠭᠡᠭᠡᠭᠰᠡᠨ ᠰᠡᠯᠡᠮ᠎ᠡ ᠨᠢ ᠠᠯᠳᠠᠭᠳᠠᠭᠰᠠᠨ ᠴᠤᠭ ᠰᠦᠯᠳᠡ ᠶᠢᠨ ᠲᠡᠮᠳᠡᠭ ᠵᠡᠷᠭᠡ ᠣᠢᠯᠠᠭᠠᠯᠲᠠ ᠶᠢ ᠢᠯᠡᠳᠭᠡᠬᠦ ᠪᠤᠯᠤᠭᠰᠠᠨ ᠪᠠᠢᠨ᠎ᠠ᠃ |
Original Literature |
No Original Paper
|
出自 |
内蒙古民族大学学报(社会科学)
2003年
第2期
|