Paper Information


Title ᠮᠣᠩ᠋ᠭᠤᠯᠴᠤᠳ᠂ ᠲᠦᠷᠦᠭᠴᠦᠳ ᠬᠢᠭᠡᠳ ᠶᠠᠫᠤᠨᠴᠤᠳ ᠤᠨ 《ᠨᠠᠷᠠᠨ ᠭᠠᠷᠬᠤ ᠵᠦᠭ ᠪᠤᠯᠤᠨ ᠨᠠᠷᠠᠨ ᠤᠨᠠᠬᠤ ᠵᠦᠭ》ᠭᠡᠳᠡᠭ ᠣᠢ᠌ᠯᠠᠭᠠᠭᠳᠠᠬᠤᠨ ᠤ ᠲᠤᠬᠠᠢ
Creator ᠤᠴᠠᠷᠠᠯᠲᠤ
Keyword
Abstract 《ᠨᠠᠷᠠᠨ ᠭᠠᠷᠬᠤ ᠵᠦᠭ ᠬᠢᠭᠡᠳ ᠨᠠᠷᠠᠨ ᠤᠨᠠᠬᠤ ᠵᠦᠭ》᠋ ᠦᠨ ᠲᠤᠬᠠᠢ ᠣᠢ᠌ᠯᠠᠭᠠᠭᠳᠠᠬᠤᠨ ᠨᠢ ᠮᠣᠩ᠋ᠭᠤᠯ ᠤᠨ ᠲᠤᠤᠯᠢ᠂ ᠲᠡᠦᠬᠡᠨ ᠪᠢᠴᠢᠭ᠌᠂ ᠲᠦᠷᠦᠭ ᠦᠨ ᠬᠦᠰᠢᠶᠡᠨ ᠪᠢᠴᠢᠭᠡᠰᠦ ᠪᠤᠯᠤᠨ ᠶᠠᠫᠤᠨᠴᠤᠳ ᠤᠨ ᠲᠤᠬᠠᠢ ᠲᠡᠦᠬᠡᠨ ᠪᠢᠴᠢᠭ᠌ ᠲᠦ ᠬᠡᠪᠰᠢᠭᠰᠡᠨ ᠬᠡᠯᠡᠯᠭᠡ ᠪᠡᠷ ᠲᠡᠮᠳᠡᠭᠯᠡᠭᠳᠡᠵᠦ ᠪᠠᠢ᠌ᠬᠤ ᠠᠴᠠ ᠠᠯᠳᠠᠢ ᠢᠵᠠᠭᠤᠷ ᠬᠡᠯᠡᠲᠡᠳ ᠦᠨ ᠰᠤᠶᠤᠯ ᠳᠤ ᠯᠠ ᠪᠠᠢ᠌ᠳᠠᠭ ᠨᠢᠭᠡᠨ ᠦᠵᠡᠭᠳᠡᠯ ᠭᠡᠵᠦ ᠬᠡᠯᠡᠵᠦ ᠪᠤᠯᠤᠮᠠᠷ᠃ ᠡᠨᠡᠬᠦ ᠣᠢ᠌ᠯᠠᠭᠠᠭᠳᠠᠬᠤᠨ ᠨᠢ ᠡᠳᠡᠭᠡᠷ ᠠᠳᠠᠯᠢ ᠪᠤᠰᠤ ᠦᠨᠳᠦᠰᠦᠲᠡᠨ ᠦ ᠰᠡᠳᠬᠢᠭᠦᠢ ᠳᠦ ᠲᠤᠭᠲᠠᠭᠰᠠᠨ ᠬᠡᠯᠪᠡᠷᠢ ᠪᠡᠷ ᠤᠷᠲᠤ ᠬᠤᠭᠤᠴᠠᠭ᠎ᠠ ᠣᠷᠤᠰᠢᠵᠤ᠂ ᠠᠳᠠᠯᠢ ᠪᠤᠰᠤ ᠴᠠᠭ ᠦᠶ᠎ᠡ ᠶᠢᠨ ᠰᠡᠳᠬᠢᠭᠦᠢ ᠶᠢᠨ ᠬᠡᠯᠪᠡᠷᠢ ᠶᠢ ᠬᠠᠷᠠᠭᠤᠯᠤᠭᠰᠠᠨ ᠪᠠᠢ᠌ᠨ᠎ᠠ᠃ ᠲᠡᠭᠡᠬᠦ ᠳᠡᠭᠡᠨ ᠬᠡᠳᠦᠢ ᠡᠷᠲᠡᠨ ᠦ ᠪᠤᠯᠬᠤ ᠳᠤᠲᠤᠮ ᠵᠦᠭ ᠴᠢᠭ᠌ ᠢ ᠵᠢᠭᠠᠭᠰᠠᠨ ᠤᠳᠬ᠎ᠠ ᠨᠢ ᠲᠡᠳᠦᠢ ᠲᠤᠳᠤᠷᠬᠠᠢ ᠪᠠᠢ᠌ᠵᠤ᠂ ᠬᠡᠳᠦᠢ ᠬᠤᠵᠢᠮ ᠤᠨ ᠪᠤᠯᠵᠤ ᠢᠷᠡᠬᠦ ᠳᠤᠲᠤᠮ ᠣᠷᠤᠨ ᠵᠠᠢ ᠶᠢ ᠵᠢᠭᠠᠭᠰᠠᠨ ᠤᠳᠬ᠎ᠠ ᠨᠢ ᠭᠤᠤᠯ ᠪᠤᠯᠤᠭᠰᠠᠨ ᠪᠠᠢ᠌ᠨ᠎ᠠ᠃ ᠢᠩᠭᠢᠬᠦ ᠳᠡᠭᠡᠨ ᠡᠨᠡᠬᠦ ᠬᠡᠪᠰᠢᠮᠡᠯ ᠬᠡᠯᠡᠯᠭᠡ ᠨᠢ ᠵᠦᠭ ᠴᠢᠭ᠌ ᠢ ᠢᠯᠭᠠᠵᠤ ᠪᠠᠢ᠌ᠭᠰᠠᠨ ᠪᠠ ᠨᠠᠷᠠᠨ ᠭᠠᠷᠬᠤ ᠵᠦᠭ ᠢ ᠡᠷᠬᠢᠮ ᠳᠦ ᠦᠵᠡᠵᠦ ᠪᠠᠢ᠌ᠭᠰᠠᠨ ᠵᠡᠷᠭᠡ ᠲᠠᠯ᠎ᠠ ᠪᠠᠷ ᠢᠶᠠᠨ ᠠᠯᠳᠠᠢ ᠰᠤᠶᠤᠯ ᠳᠤ ᠯᠠ ᠪᠠᠢ᠌ᠳᠠᠭ ᠨᠡᠢ᠌ᠲᠡᠴᠢ ᠴᠢᠨᠠᠷ ᠢᠶᠠᠨ ᠢᠯᠡᠷᠡᠭᠦᠯᠦᠭᠰᠡᠨ ᠪᠠᠢ᠌ᠨ᠎ᠠ᠃
Original Literature No Original Paper
出自 内蒙古大学学报 1994年 第2期

联系我们


内蒙古大学图书馆
呼和浩特市大学西路235号
中国·内蒙古
P: (0471) 4992561
E: huangfeilong@imu.edu.cn