Paper Information


Title ᠡᠮᠤᠨᠡᠳᠤ ᠮᠠᠨᠵᠦ ᠶᠢᠨ ᠳᠡᠮᠦᠷ ᠵᠠᠮ ᠤᠨ ᠬᠦᠩᠰᠸ ᠶᠢᠨ ᠥᠪᠥᠷ ᠮᠣᠩᠭᠣᠯ ᠤᠷᠤᠨ ᠳᠡᠬᠢ ᠠᠵᠢᠯᠯᠠᠭ᠎ᠠ ᠶᠢ ᠵᠠᠳᠠᠯᠤᠨ ᠰᠢᠨᠵᠢᠯᠡᠬᠦ ᠨᠢ
Creator ᠴᠢ‍᠂ ᠪᠠᠢ ᠱᠦᠨ
Keyword ᠡᠮᠤᠨᠡᠳᠤ ᠮᠠᠨᠵᠦ ᠶᠢᠨ ᠳᠡᠮᠦᠷ ᠵᠠᠮ ᠤᠨ ᠬᠦᠩᠰᠸ ;ᠶᠠᠫᠤᠨ ; 《ᠮᠠᠨᠵᠦ ᠮᠣᠩᠭᠣᠯ ᠤᠨ ᠲᠦᠷᠦ ᠶᠢᠨ ᠪᠤᠳᠤᠯᠭ᠎ᠠ》; ᠥᠪᠥᠷ ᠮᠣᠩᠭᠣᠯ
Abstract ᠶᠠᠫᠤᠨ ᠤᠷᠤᠰ ᠤᠨ ᠲᠠᠢ᠌ᠨ ᠦ ᠲᠠᠷᠠᠭ᠎ᠠ᠂ ᠶᠠᠫᠤᠨ ᠡᠴᠡ ᠳᠤᠮᠳᠠᠳᠤ ᠤᠯᠤᠰ ᠤᠨᠨ ᠵᠡᠭᠦᠨ ᠬᠤᠢ᠌ᠳᠤ ᠤᠷᠤᠨ ᠳᠡᠬᠢ ᠮᠠᠨᠵᠦ ᠮᠣᠩᠭᠣᠯ ᠢ ᠨᠢᠭᠡᠳᠬᠡᠬᠦ ᠲᠦᠷᠦ ᠶᠢᠨ ᠪᠤᠳᠤᠯᠭ᠎ᠠ ᠪᠡᠨ ᠬᠡᠷᠡᠭᠵᠢᠭᠦᠯᠬᠦ ᠶᠢᠨ ᠲᠦᠯᠦᠭᠡ ᠡᠮᠤᠨᠡᠳᠦ ᠮᠠᠨᠵᠦ ᠶᠢᠨ ᠳᠡᠮᠦᠷ ᠵᠠᠮ ᠪᠡᠨ ᠪᠡᠯᠡ ᠤᠷᠤᠭᠤᠯᠤᠭᠰᠠᠨ ᠬᠦᠩᠰᠸ ᠬᠡᠳᠡᠭ ᠤᠨᠴᠠᠭᠠᠢ ᠡᠭᠦᠷᠭᠡᠳᠦ ᠬᠦᠩᠰᠸ ᠶᠢ ᠪᠠᠢ᠌ᠭᠤᠯᠵᠤ᠂ ᠲᠦᠡᠢ ᠤᠷᠴᠢᠮ ᠵᠢᠯ ᠤᠨ ᠲᠤᠷᠰᠢ ᠥᠪᠥᠷ ᠮᠣᠩᠭᠣᠯ ᠤᠷᠤᠨ ᠳᠤ ᠤᠯᠤᠰ ᠲᠦᠷᠦ ᠶᠢᠨ ᠲᠦᠷᠦᠯᠳᠡ᠂ ᠠᠵᠤ ᠠᠬᠤᠢ ᠶᠢᠨ ᠡᠵᠡᠩᠨᠡᠯᠳᠡ᠂ ᠰᠤᠶᠤᠯ ᠭᠡᠭᠡᠷᠡᠯ ᠤᠨ ᠰᠢᠮᠡᠳᠦᠯ ᠵᠢᠴᠢ ᠴᠡᠷᠢᠭ ᠲᠠᠢ᠌ᠨ ᠦ ᠬᠠᠢ᠌ᠨ ᠪᠠᠢ᠌ᠴᠠᠭᠠᠯᠲᠠ ᠵᠡᠷᠭᠡ ᠤᠯᠠᠨ ᠲᠠᠯ ᠠ ᠶᠢᠨ ᠠᠵᠢᠯᠯᠠᠭ᠎ᠠ ᠬᠢᠭ᠍ᠰᠡᠨ ᠶᠤᠮ᠃ ᠡᠳᠡᠭᠡᠷ ᠨᠢ ᠶᠠᠫᠤᠨ ᠦ 《ᠶᠡᠬᠡ ᠬᠠᠭᠤᠷᠠᠢ ᠶᠢᠨ ᠲᠦᠷᠦ ᠶᠢᠨ ᠪᠤᠳᠤᠯᠭ᠎ᠠ 》ᠶ᠋ᠢᠨ ᠴᠦᠮ ᠡ ᠪᠤᠯᠤᠭᠰᠠᠨ 《ᠮᠠᠨᠵᠦ ᠮᠣᠩᠭᠣᠯ ᠤᠨ ᠲᠦᠷᠦ ᠶᠢᠨ ᠪᠤᠳᠤᠯᠭ᠎ᠠ》ᠶ᠋ᠢᠨ ᠬᠡᠷᠡᠭᠵᠢᠭᠦᠯᠦᠭᠳᠡᠬᠦ ᠶᠢ ᠠᠬᠢᠭᠤᠯᠬᠤ ᠬᠢᠩᠭ᠋ᠠᠨ ᠮᠤᠵᠢ ᠵᠡᠷᠭᠡ ᠥᠪᠥᠷ ᠮᠣᠩᠭᠣᠯ ᠤᠷᠤᠨ ᠳᠡᠬᠢ ᠶᠠᠫᠤᠨ ᠦ ᠺᠤᠯᠤᠨᠢ ᠶᠢᠨ ᠨᠤᠶᠠᠷᠬᠠᠯ ᠢ ᠴᠢᠩᠭ᠋ᠠᠳᠬᠠᠵᠤ᠂ ᠳᠤᠰ ᠤᠷᠤᠨ ᠦ ᠤᠯᠤᠰ ᠲᠦᠷᠦ᠂ ᠠᠵᠤ ᠠᠬᠤᠢ ᠵᠡᠷᠭᠡ ᠤᠯᠠᠨ ᠲᠠᠯ ᠠ ᠶᠢᠨ ᠡᠷᠭᠡ ᠬᠤᠭᠢᠷᠠᠭᠳᠠᠨ ᠡᠪᠳᠡᠭᠳᠡᠬᠦ ᠶᠢ ᠦᠷᠭᠡᠳᠭᠡᠭ᠍ᠰᠡᠨ ᠪᠠᠢ᠌ᠨ᠎ᠠ ᠃
Original Literature View Original Paper
出自 内蒙古社会科学(蒙文版) 2008年 第2期

联系我们


内蒙古大学图书馆
呼和浩特市大学西路235号
中国·内蒙古
P: (0471) 4992561
E: huangfeilong@imu.edu.cn