Paper Information


Title ᠬᠤᠷᠴᠢᠨ ᠠᠮᠠᠨ ᠠᠶᠠᠯᠭᠤᠨ ᠳᠠᠬᠢ ᠰᠤᠨᠢᠪᠲᠤᠷ ᠦᠭᠡᠰ ᠦᠨ ᠲᠤᠬᠠᠢ ᠰᠢᠨᠵᠢᠯᠡᠭᠡ
Creator ᠪᠠᠶᠠᠨᠴᠤᠭᠲᠤ
Keyword
Abstract ᠲᠤᠰ ᠦᠭᠦᠯᠡᠯ ᠳᠦ ᠂ ᠵᠤᠬᠢᠶᠠᠭᠴᠢ ᠮᠣᠩ᠋ᠭᠤᠯ ᠬᠡᠯᠡᠨ ᠦ ᠬᠤᠷᠴᠢᠨ ᠠᠮᠠᠨ ᠠᠶᠠᠯᠭᠤᠨ ᠳᠠᠬᠢ ᠲᠤᠭᠲᠠᠮᠠᠯ ᠦᠭᠡᠰ ᠦᠨ ᠰᠠᠩ ᠤᠨ ᠤᠳᠬ᠎ᠠ ᠨᠤᠭᠤᠳ ᠢ ᠢᠯᠡᠳᠭᠡᠳᠡᠭ ᠣᠨᠴᠤᠭᠤᠢ ᠳᠠᠭᠤᠳᠠᠯᠭ᠎ᠠ ᠲᠠᠢ ᠦᠭᠡᠰ ᠦᠳ ᠢ ᠲᠡᠭᠦᠨ ᠰᠢᠨᠵᠢᠵᠦ᠂ ᠳᠦᠭᠦᠮ ᠲᠠᠢ᠌ᠯᠪᠤᠷᠢᠯᠠᠭᠰᠠᠨ ᠪᠠᠢ᠌ᠨ᠎ᠠ᠃ ᠬᠤᠷᠴᠢᠨ ᠠᠮᠠᠨ ᠠᠶᠠᠯᠭᠤᠨ ᠤ ᠣᠨᠴᠤᠭᠤᠢ ᠳᠠᠭᠤᠳᠠᠯᠭ᠎ᠠ ᠲᠠᠢ ᠰᠤᠷᠭᠤᠭ ᠰᠤᠨᠢᠨ ᠦᠭᠡᠰ ᠢ ᠲᠤᠰ ᠦᠭᠦᠯᠡᠯ ᠳᠦ 《ᠰᠤᠨᠢᠪᠲᠤᠷ ᠦᠭᠡᠰ》ᠭᠡᠵᠦ ᠨᠡᠷᠡᠢ᠌ᠳᠦᠭᠡᠳ᠂ ᠲᠡᠳᠡᠭᠡᠷ ᠢ ᠦᠭᠡᠰ ᠦᠨ ᠠᠢ᠌ᠮᠠᠭ ᠤᠨ ᠢᠯᠭᠠᠯ ᠢᠶᠠᠷ ᠵᠢᠩᠭᠢᠨᠢ ᠨᠡᠷ᠎ᠡ᠂ ᠲᠡᠮᠳᠡᠭ ᠨᠡᠷ᠎ᠡ᠂ ᠦᠢᠯᠡ ᠦᠭᠡ᠂ ᠳᠠᠢ᠌ᠪᠤᠷᠢ ᠦᠭᠡ᠂ ᠳᠠᠭᠠᠪᠤᠷᠢ ᠦᠭᠡ᠂ ᠬᠤᠯᠪᠤᠬᠤ ᠦᠭᠡ ᠶᠢᠨ ᠵᠤᠢ᠌ᠯ ᠪᠤᠯᠤᠨ ᠬᠠᠨᠳᠤᠯᠭ᠎ᠠ ᠦᠭᠡ ᠶᠢᠨ ᠵᠤᠢ᠌ᠯ ᠭᠡᠵᠦ ᠳᠤᠯᠤᠭᠠᠨ ᠵᠤᠢ᠌ᠯ ᠬᠤᠪᠢᠶᠠᠵᠤ ᠲᠠᠢ᠌ᠯᠪᠤᠷᠢᠯᠠᠪᠠ᠃ ᠭᠡᠬᠦ ᠳᠡᠭᠡᠨ ᠭᠤᠤᠯᠳᠠᠭᠤ ᠪᠠᠢ᠌ᠳᠠᠯ ᠢ ᠲᠤᠳᠤᠷᠬᠠᠢ᠌ᠯᠠᠬᠤ ᠠᠶᠠᠯᠭᠤ ᠰᠢᠨᠵᠢᠯᠡᠭᠡᠨ ᠦ ᠡᠭᠦᠳᠡᠨ ᠡᠴᠡ ᠲᠡᠭᠦᠪᠦᠷᠢᠯᠡᠨ ᠠᠪᠤᠭᠰᠠᠨ ᠲᠡᠳᠡᠭᠡᠷ 《ᠰᠤᠨᠢᠪᠲᠤᠷ ᠦᠭᠡᠰ》᠋ ᠦᠨ ᠠᠪᠢᠶᠠᠨ ᠤ ᠳᠠᠭᠤᠳᠠᠯᠭ᠎ᠠ᠂ ᠤᠳᠬ᠎ᠠ ᠶᠢᠨ ᠬᠡᠪᠴᠢᠶ᠎ᠡ ᠪᠤᠯᠤᠨ ᠬᠡᠷᠡᠭᠯᠡᠬᠦ ᠪᠠᠢ᠌ᠳᠠᠯ ᠵᠡᠷᠭᠡ ᠶᠢ ᠴᠢᠳᠠᠬᠤᠢ᠌ᠴᠠ ᠳᠦᠭᠦᠮ ᠲᠤᠳᠤ ᠲᠠᠢ᠌ᠯᠪᠤᠷᠢᠯᠠᠬᠤ ᠶᠢ ᠣᠷᠤᠯᠳᠤᠭᠰᠠᠨ ᠪᠠᠢ᠌ᠨ᠎ᠠ᠃
Original Literature No Original Paper
出自 内蒙古大学学报 1994年 第2期

联系我们


内蒙古大学图书馆
呼和浩特市大学西路235号
中国·内蒙古
P: (0471) 4992561
E: huangfeilong@imu.edu.cn