Paper Information


Title ᠮᠣᠩᠭᠤᠯ ᠡᠮᠨᠡᠯᠭᠡ ᠪᠡᠷ 150 ᠵᠢᠱᠢᠶ᠎ᠡ ᠦᠬᠡᠷ ᠢᠯᠢᠲᠦ ᠡᠪᠡᠳᠴᠢᠨ ᠢ ᠵᠠᠰᠠᠭᠰᠠᠨ ᠡᠮᠴᠢᠯᠡᠭᠡᠨ ᠦ ᠮᠡᠳᠡᠭᠦᠯᠦᠯᠲᠡ
Creator ᠤᠶᠤᠨ; ᠰᠠᠷᠠᠭᠤᠯ
Keyword ᠮᠣᠩᠭᠤᠯ ᠡᠮ; ᠦᠬᠡᠷ ᠢᠯᠢᠲᠦ; ᠵᠠᠰᠠᠬᠤ ᠠᠷᠭ᠎ᠠ
Abstract ᠮᠣᠩᠭᠤᠯ ᠡᠮ ᠡᠷᠳᠡᠨᠢ ᠦᠷᠢᠯ ᠢᠶᠡᠷ ᠭᠤᠤᠯ ᠪᠤᠯᠭᠠᠨ ᠦᠬᠡᠷ ᠢᠯᠢᠲᠦ ᠡᠪᠡᠳᠴᠢᠨ ᠢ ᠡᠮᠨᠡᠨ ᠵᠠᠰᠠᠭᠰᠠᠨ ᠠᠴᠢ ᠲᠤᠰᠠ ᠶᠢ ᠠᠵᠢᠭᠯᠠᠪᠠ᠃ 300 ᠵᠢᠱᠢᠶ᠎ᠡ ᠦᠬᠡᠷ ᠢᠯᠢᠲᠦ ᠡᠪᠡᠳᠴᠢᠨ ᠢ ᠲᠠᠰᠢᠷᠠᠮ ᠢᠶᠠᠷ ᠡᠮᠴᠢᠯᠡᠭᠡ ᠶᠢᠨ ᠳᠤᠭᠤᠢᠯᠠᠩ ᠪᠠ ᠬᠠᠷᠢᠴᠠᠭᠤᠯᠬᠤ ᠳᠤᠭᠤᠢᠯᠠᠩ ᠲᠤᠰ ᠪᠦᠷᠢ 150 ᠵᠢᠱᠢᠶ᠎ᠡ ᠬᠤᠪᠢᠶᠠᠵᠤ᠂ ᠡᠮᠴᠢᠯᠡᠭᠡ ᠶᠢᠨ ᠳᠤᠭᠤᠢᠯᠠᠩ ᠳᠤ ᠮᠣᠩᠭᠤᠯ ᠡᠮ ᠡᠷᠳᠡᠨᠢ ᠦᠷᠢᠯ᠂ ᠪᠠᠰᠪᠦ᠋ᠷᠦ -5 ᠶᠢᠨ ᠲᠠᠩ᠂ ᠬᠦᠬᠦᠯ ᠭᠠᠷᠤᠳᠢ -15᠂ ᠲᠤᠤᠹᠢᠯᠠᠩ -7 ᠶᠢᠨ ᠲᠠᠩ ᠵᠡᠷᠭᠡ ᠶᠢ ᠦᠭᠴᠦ᠂ ᠬᠠᠷᠢᠴᠠᠭᠤᠯᠬᠤ ᠳᠤᠭᠤᠢᠠᠯᠩ ᠳᠤ ᠬᠢᠲᠠᠳ ᠡᠮ (银屑灵膏) ᠢ ᠦᠭᠭᠦᠪᠡ᠂ ᠨᠢᠭᠡ ᠡᠮᠴᠢᠯᠡᠭᠡᠨ ᠦ ᠬᠤᠭᠤᠴᠠᠭ᠎ᠠ 21 ᠡᠳᠦᠷ᠂ ᠨᠡᠢᠲᠡ 4 ᠡᠮᠴᠢᠯᠡᠭᠡᠨ ᠦ ᠬᠤᠭᠤᠴᠠᠭ᠎ᠠ ᠵᠠᠰᠠᠪᠠ᠃ ᠡᠮᠴᠢᠯᠡᠭᠡᠨ ᠦ ᠳ᠋ᠦᠩ ᠳᠦ᠂ ᠡᠮᠴᠢᠯᠡᠭᠡ ᠶᠢᠨ ᠳᠤᠭᠤᠢᠯᠠᠩ ᠤᠨ ᠶᠡᠷᠦᠩᠬᠡᠢ ᠡᠳᠡᠭᠡᠷᠡᠯᠲᠡ ᠨᠢ 84%᠂ ᠬᠠᠷᠢᠴᠠᠭᠤᠯᠬᠤ ᠳᠤᠭᠤᠢᠯᠠᠩ ᠤᠨ ᠶᠡᠷᠦᠩᠬᠡᠢ ᠡᠳᠡᠭᠡᠷᠡᠯᠲᠡ ᠨᠢ 66% ᠪᠠᠢᠵᠤ ᠬᠤᠭᠤᠷᠤᠨᠳᠤ ᠪᠠᠨ ᠢᠯᠡᠳᠲᠡ ᠵᠦᠷᠢᠶ᠎ᠡ ᠲᠡᠢ (P<0.05)᠃ ᠮᠣᠩᠭᠤᠯ ᠡᠮ ᠢᠶᠡᠷ ᠦᠬᠡᠷ ᠢᠯᠢᠲᠦ ᠡᠪᠡᠳᠴᠢᠨ ᠢ ᠵᠠᠰᠠᠬᠤ ᠨᠢ ᠡᠮᠴᠢᠯᠡᠭᠡᠨ ᠦ ᠠᠴᠢ ᠲᠤᠰᠠ ᠦᠨᠳᠦᠷ᠂ ᠡᠮᠴᠢᠯᠡᠭᠡᠨ ᠳᠡᠭᠡᠷ᠎ᠡ ᠲᠦᠭᠡᠮᠡᠯᠵᠢᠭᠦᠯᠵᠦ ᠪᠤᠯᠤᠨ᠎ᠠ᠃
Original Literature No Original Paper
出自 内蒙古民族大学学报(蒙医药学) 2015年 第1期

联系我们


内蒙古大学图书馆
呼和浩特市大学西路235号
中国·内蒙古
P: (0471) 4992561
E: huangfeilong@imu.edu.cn