Title |
ᠰᠤᠨᠤᠮᠷᠠᠪᠳᠠᠨ ᠤ ᠦᠭᠯᠢᠭᠡ ᠶᠢᠨ ᠬᠦᠰᠢᠶ᠎ᠡ ᠶᠢ 《ᠴᠠᠭᠠᠨ ᠰᠤᠪᠤᠳ ᠡᠷᠢᠬᠡ》 ᠲᠠᠢ ᠬᠠᠷᠢᠴᠠᠭᠤᠯᠬᠤ ᠨᠢ |
Creator |
ᠵᠠᠯᠭᠠᠨᠪᠠᠶᠠᠷ |
Keyword |
ᠱᠠᠨ ᠰᠢ ᠤᠳᠠᠢ; ᠰᠤᠨᠤᠮᠷᠠᠪᠳᠠᠨ; ᠦᠭᠯᠢᠭᠡ ᠶᠢᠨ ᠬᠦᠰᠢᠶ᠎ᠡ; ᠴᠠᠭᠠᠨ ᠰᠤᠪᠤᠳ ᠡᠷᠢᠬᠡ |
Abstract |
ᠦᠭᠦᠯᠡᠯ ᠳᠤ ᠦᠵᠦᠮᠦᠴᠢᠨ ᠴᠢᠨ ᠸᠠᠩ ᠰᠤᠨᠤᠮᠷᠠᠪᠳᠠᠨ ᠤ ᠤᠳᠠᠢ ᠶᠢᠨ ᠼᠢ ᠹᠦ᠋ ᠰᠸ ᠰᠦᠮ ᠡ ᠳᠤ ᠪᠤᠰᠬᠠᠭᠰᠠᠨ ᠦᠭᠯᠢᠭᠡ ᠶᠢᠨ ᠬᠦᠰᠢᠶ᠎ᠡ ᠶᠢ ᠭᠤᠤᠯᠴᠢᠯᠠᠨ ᠰᠤᠳᠤᠯᠬᠤ ᠶᠢᠨ ᠲᠠᠭᠠᠤ ᠲᠡᠭᠦᠨ ᠤ ᠨᠠᠮᠳᠠᠷ ᠤᠨ ᠵᠤᠬᠢᠶᠠᠯ 《ᠱᠠᠰᠢᠨ ᠤ ᠦᠭᠯᠢᠭᠡ ᠶᠢᠨ ᠡᠵᠡᠨ ᠳ᠋ᠠ ᠴᠢᠨ ᠸᠠᠩ ᠰᠤᠳᠨᠠᠮᠷᠠᠪᠳᠠᠨ ᠤ ᠨᠠᠮᠳᠠᠷ ᠴᠠᠭᠠᠨ ᠰᠤᠪᠤᠳ ᠡᠷᠢᠬᠡ ᠬᠡᠮᠡᠬᠦ ᠤᠷᠤᠰᠢᠪᠠᠢ》(ᠲᠤᠤᠷ᠎ᠠ《ᠴᠠᠭᠠᠨ ᠰᠤᠪᠤᠳ ᠡᠷᠢᠬᠡ》 ᠭᠡᠵᠦ ᠲᠤᠪᠴᠢᠯᠠᠨ᠎ᠠ)ᠰᠤᠳᠤᠷ ᠲᠠᠢ ᠬᠠᠷᠢᠴᠠᠭᠤᠯᠤᠨ ᠰᠢᠨᠵᠢᠬᠦ ᠶᠢ ᠵᠤᠷᠢᠵᠠᠢ᠃ ᠮᠦᠨ ᠪᠠᠰᠠ ᠰᠤᠨᠤᠮᠷᠠᠪᠳᠠᠨ ᠸᠠᠩ ᠤᠨ ᠭᠠᠷᠤᠯ ᠲᠡᠦᠬᠡ ᠶᠢ ᠲᠤᠳᠤᠷᠠᠭᠤᠯᠵᠤ᠂ ᠴᠢᠩ ᠤᠯᠤᠰ ᠤᠨ ᠬᠠᠷᠢᠶᠠᠨ ᠳᠤ ᠤᠷᠤᠭᠰᠠᠨ ᠤ ᠲᠠᠷᠠᠭᠠᠬᠢ ᠮᠤᠩᠭ᠋ᠤᠯᠴᠤᠳ ᠤᠨ ᠦᠭᠯᠢᠭᠡ ᠶᠢᠨ ᠠᠵᠢᠯᠯᠠᠭ᠎ᠠ ᠪᠤᠯ ᠮᠤᠩᠭ᠋ᠤᠯ ᠶᠤᠸᠠᠨ ᠤ ᠦᠶ᠎ᠡ ᠶᠢᠨ ᠲᠦᠷᠦ ᠱᠠᠰᠢᠨ ᠬᠤᠶᠠᠷ ᠢ ᠵᠡᠷᠭᠡᠪᠡᠷ ᠶᠠᠪᠤᠭᠤᠯᠬᠤ ᠦᠵᠡᠯ ᠰᠠᠨᠠᠭᠠᠨ ᠤ ᠦᠯᠡᠳᠡᠭᠳᠡᠯ ᠨᠦᠯᠦᠭᠡ ᠪᠤᠯᠬᠤ ᠪᠦᠭᠡᠳ ᠱᠠᠰᠢᠨ ᠢ ᠲᠡᠳᠭᠦᠬᠦ ᠦᠵᠡᠯ ᠤᠬᠠᠮᠰᠠᠷ ᠨᠢ ᠤᠨ ᠵᠢᠯ ᠤᠨ ᠦᠩᠭᠡᠷᠡᠯᠳᠡ ᠶᠢ ᠲᠠᠭᠠᠯᠳᠤᠨ ᠰᠦᠰᠦᠭ ᠪᠢᠰᠢᠷᠡᠯ ᠤᠨ ᠦᠵᠡᠯ ᠤᠬᠠᠮᠰᠠᠷ ᠤᠨ ᠬᠡᠯᠪᠡᠷᠢ ᠪᠤᠯᠵᠤ ᠮᠤᠩᠭ᠋ᠤᠯᠴᠤᠳ ᠤᠨ ᠲᠤᠮᠳᠠ ᠦᠯᠡᠳᠡᠭᠳᠡᠨ ᠬᠤᠴᠤᠷᠤᠭᠰᠠᠨ ᠢ ᠦᠭᠦᠯᠡᠵᠡᠢ᠃ |
Original Literature |
View Original Paper
|
出自 |
内蒙古社会科学(蒙文版)
2016年
第1期
|