Title |
ᠮᠤᠩᠭ᠋ᠤᠯ ᠶᠤᠸᠠᠨ ᠤᠯᠤᠰ ᠤᠨ ᠬᠠᠰᠢᠨ ᠬᠤᠭᠤᠯᠠᠢ ᠤᠷᠤᠨ ᠳ᠋ᠡᠬᠢ ᠮᠠᠯ ᠠᠵᠤ ᠠᠬᠤᠢ ᠶᠢᠨ ᠦᠢᠯᠡᠰ ᠢ ᠰᠢᠨᠵᠢᠯᠡᠬᠦ ᠨᠢ |
Creator |
ᠭᠠᠩᠪᠠᠳᠤ |
Keyword |
ᠮᠤᠩᠭ᠋ᠤᠯ ᠶᠤᠸᠠᠨ ᠤᠯᠤᠰ; ᠬᠠᠰᠢᠨ ᠬᠤᠭᠤᠯᠠᠢ; ᠮᠠᠯ ᠠᠵᠤ ᠠᠬᠤᠢ; ᠬᠦᠭ᠍ᠵᠢᠯᠳᠡ |
Abstract |
ᠮᠤᠩᠭ᠋ᠤᠯ ᠶᠤᠸᠠᠨ ᠤᠯᠤᠰ ᠬᠠᠰᠢᠨ ᠬᠤᠭᠤᠯᠠᠢ ᠤᠷᠤᠨ ᠤ ᠬᠠᠷ᠎ᠠ ᠭᠤᠤᠯ᠂ ᠱᠦᠯᠸ ᠭᠤᠤᠯ ᠪᠤᠯᠤᠨ ᠡᠵᠡᠨ᠎ᠡ ᠭᠤᠤᠯ ᠶᠢᠡᠷ ᠲᠦᠪᠯᠡᠭᠰᠡᠨ ᠭᠤᠤᠯ ᠤᠨ ᠰᠠᠪᠠ ᠲᠠᠭᠠᠤ ᠤᠷᠤᠨ ᠵᠢᠴᠢ ᠴᠢ ᠯᠢᠶᠠᠨ ᠱᠠᠨ ᠠᠭᠤᠯᠠ ᠪᠤᠯᠤᠨ ᠾᠸ ᠯᠠᠨ ᠱᠠᠨ ᠠᠭᠤᠯᠠ ᠲᠠᠭᠠᠤ ᠤᠷᠤᠨ ᠳᠤ ᠮᠠᠯ ᠠᠵᠤ ᠠᠬᠤᠢ ᠶᠢᠨ ᠦᠢᠯᠡᠰ ᠢ ᠲᠠᠷᠢᠶᠠᠯᠠᠩ ᠤᠨ ᠦᠢᠯᠡᠰ ᠲᠠᠢ ᠤᠶᠠᠯᠳᠤᠭᠤᠯᠤᠨ ᠡᠷᠬᠢᠯᠡᠭᠰᠡᠨ ᠪᠠᠢ᠌ᠨ᠎ᠠ᠃ ᠲᠦᠪ ᠵᠠᠰᠠᠭ ᠡᠴᠡ ᠬᠠᠰᠢᠨ ᠬᠤᠭᠤᠯᠠᠢ ᠤᠷᠤᠨ ᠳᠤ ᠮᠠᠯ ᠰᠦᠷᠦᠭ ᠤᠨ ᠬᠠᠮᠢᠶᠠᠷᠤᠯᠳᠠ ᠶᠢᠨ ᠭᠠᠵᠠᠷ ᠪᠤᠯᠤᠨ ᠲᠠᠢ᠌ᠫᠤᠰᠸ ᠬᠡᠢ᠌ᠳ ᠵᠡᠷᠭᠡ ᠪᠠᠢ᠌ᠭᠤᠯᠠᠮᠵᠢ ᠶᠢ ᠪᠠᠢ᠌ᠭᠤᠯᠤᠨ᠂ ᠭᠦᠳᠠᠨ ᠵᠡᠷᠭᠡ ᠲᠦᠷᠦᠯ ᠤᠨ ᠤᠩ ᠨᠠᠷ ᠪᠤᠯᠤᠨ ᠭᠠᠨᠰᠤ ᠮᠤᠵᠢ ᠪᠡᠷ ᠲᠦᠯᠬᠢᠴᠡ ᠬᠦᠴᠦᠨ ᠪᠤᠯᠭᠠᠵᠤ᠂ ᠲᠤᠰ ᠤᠷᠤᠨ ᠤ ᠮᠠᠯ ᠠᠵᠤ ᠠᠬᠤᠢ ᠶᠢᠨ ᠦᠢᠯᠡᠳᠪᠦᠷᠢᠯᠡᠯ ᠢ ᠶᠡᠬᠡᠪᠡᠷ ᠬᠦᠭ᠍ᠵᠢᠭᠦᠯᠵᠡᠢ᠃ ᠮᠠᠯ ᠠᠵᠤ ᠠᠬᠤᠢ ᠶᠢᠨ ᠦᠢᠯᠡᠳᠪᠦᠷᠢᠯᠡᠯ ᠢ ᠲᠠᠷᠢᠶᠠᠯᠠᠩ ᠦᠢᠯᠡᠳᠪᠦᠷᠢᠯᠡᠯ ᠲᠠᠢ ᠰᠠᠢ᠌ᠳᠤᠷ ᠤᠶᠠᠯᠳᠤᠭᠤᠯᠤᠭᠰᠠᠨ ᠡᠴᠡ ᠪᠦᠬᠦᠢ᠌ᠯᠡ ᠪᠠᠷᠠᠭᠤᠨ ᠬᠤᠢ᠌ᠳᠤ ᠤᠷᠤᠨ ᠤ ᠬᠢᠯᠢ ᠶᠢᠨ ᠬᠠᠠᠮᠠᠭᠠᠯᠠᠯᠳᠠ ᠶᠢ ᠪᠡᠬᠢᠵᠢᠭᠦᠯᠵᠦ᠂ ᠨᠡᠢ᠌ᠭᠡᠮ ᠤᠨ ᠠᠮᠤᠷ ᠲᠦᠪᠰᠢᠨ ᠪᠤᠯᠤᠨ ᠦᠨᠳᠦᠰᠦᠳᠡᠨ ᠤ ᠠᠰᠠᠭᠤᠳᠠᠯ ᠢ ᠠᠬᠢᠭᠤᠯᠤᠭᠰᠠᠨ ᠪᠠᠢ᠌ᠨ᠎ᠠ᠃ |
Original Literature |
View Original Paper
|
出自 |
内蒙古社会科学(蒙文版)
2014年
第5期
|