Paper Information


Title ᠠᠭᠸᠠᠩᠳᠠᠨᠳᠠᠷ ᠤᠨ 《ᠬᠡᠢ᠌ᠭᠦᠯᠦᠭᠴᠢ ᠨᠠᠷᠠᠨ》 ᠬᠡᠮᠡᠬᠦ ᠵᠤᠬᠢᠶᠠᠯ ᠳᠡᠬᠢ ᠲᠤᠭᠤᠷᠪᠢᠯ ᠵᠦᠢ ᠶᠢᠨ ᠤᠨᠤᠯ ᠤᠨ ᠲᠤᠭᠳᠠᠯᠴᠠᠭ᠎ᠠ
Creator ᠬᠤᠢ᠌ᠳ ᠰᠡᠴᠡᠨ
Keyword ᠠᠭᠸᠠᠩᠳᠠᠨᠳᠠᠷ; ᠵᠤᠬᠢᠶᠠᠯ ᠪᠦᠳᠦᠭᠡᠯ; ᠤᠨᠤᠯ ᠤᠨ ᠲᠤᠭᠳᠠᠯᠴᠠᠭ᠎ᠠ
Abstract ᠠᠭᠸᠠᠩᠳᠠᠨᠳᠠᠷ ᠤᠨ ᠲᠤᠭᠤᠷᠪᠢᠯ ᠵᠦᠢ ᠶᠢᠨ ᠤᠨᠤᠯ ᠤᠨ ᠲᠠᠯ᠎ᠠ ᠪᠡᠷ ᠬᠢ ᠤᠨᠴᠠᠯᠢᠭ ᠨᠢ ᠲᠡᠭᠦᠨ ᠤ 《ᠬᠡᠢ᠌ᠭᠦᠯᠦᠭᠴᠢ ᠨᠠᠷᠠᠨ》 ᠤ ᠭᠤᠷᠪᠠᠳᠤᠭᠠᠷ ᠪᠦᠯᠦᠭ ᠪᠯᠤᠬᠤ 《ᠲᠤᠭᠤᠷᠪᠢᠬᠤ 》 ᠬᠡᠰᠡᠭ ᠲᠤ ᠲᠤᠪᠤᠢ᠌ᠵᠤ ᠪᠤᠢ᠃ ᠡᠨᠡᠬᠦ ᠲᠤᠭᠤᠷᠪᠢᠬᠤ ᠬᠡᠰᠡᠭ ᠤᠨ ᠪᠦᠳᠦᠴᠡ ᠬᠢᠷᠢ ᠵᠡᠷᠭᠡ ᠴᠢᠩᠭ᠋᠎ᠠ ᠪᠠᠢ᠌ᠭᠰᠠᠨ ᠢ ᠮᠠᠨ ᠤ ᠡᠯᠭᠦᠨ ᠲᠤᠳᠤᠷᠠᠭᠤᠯᠤᠭᠰᠠᠨ 1. ᠵᠤᠬᠢᠶᠠᠭᠴᠢ ᠶᠢᠨ ᠡᠷᠳᠡᠮ᠂ 2. ᠰᠡᠳᠦᠪ ᠤᠨ ᠢᠯᠭᠠᠭ᠎ᠠ᠂ 3. ᠬᠡᠷᠬᠢᠨ ᠲᠤᠭᠤᠷᠪᠢᠬᠤ ᠭᠡᠬᠦ ᠶᠡᠷᠦᠩᠬᠡᠢ ᠭᠤᠷᠪᠠᠨ ᠪᠦᠯᠦᠭ ᠲᠤ ᠬᠤᠪᠢᠶᠠᠭᠳᠠᠵᠤ᠂ ᠬᠡᠷᠬᠢᠨ ᠲᠤᠭᠤᠷᠪᠢᠬᠤ ᠪᠦᠯᠦᠭ ᠨᠢ (1)ᠲᠤᠭᠤᠷᠪᠢᠯ ᠤᠨ ᠪᠡᠯᠡᠳᠭᠡᠯ ᠱᠠᠳᠤ᠂(2)ᠪᠤᠳᠠᠳᠠᠢ ᠲᠤᠭᠤᠷᠪᠢᠯ᠂(3)ᠲᠤᠭᠤᠷᠪᠢᠯ ᠤᠨ ᠬᠤᠷᠢᠶᠠᠬᠤ ᠪᠤᠶᠠᠨ ᠭᠡᠬᠦ ᠭᠤᠷᠪᠠᠨ ᠬᠡᠰᠡᠭ ᠲᠠᠢ ᠪᠦᠭᠡᠳ ᠲᠤᠭᠤᠷᠪᠢᠯ ᠤᠨ ᠬᠤᠷᠢᠶᠠᠬᠤ ᠪᠤᠶᠠᠨ ᠨᠢ ① ᠰᠠᠢ᠌ᠨ ᠪᠦᠳᠦᠭᠡᠯ ᠤᠨ ᠪᠤᠶᠠᠨ᠂ ② ᠪᠤᠯᠬᠢ ᠪᠦᠳᠦᠭᠡᠯ ᠤᠨ ᠤᠰᠤᠯ ᠭᠡᠰᠡᠨ ᠪᠠᠭ᠎ᠠ ᠭᠠᠷᠴᠠᠭ ᠤᠳ ᠡᠴᠡ ᠮᠡᠳᠡᠵᠦ ᠪᠤᠯᠬᠤ ᠶᠤᠮ᠃ ᠠᠭᠸᠠᠩᠳᠠᠨᠳᠠᠷ ᠵᠤᠬᠢᠶᠠᠯ ᠪᠦᠳᠦᠭᠡᠯ ᠤᠨ ᠲᠤᠭᠤᠷᠪᠢᠯ ᠵᠦᠢ ᠶᠢᠨ ᠤᠨᠤᠯ ᠤᠨ ᠲᠠᠯ᠎ᠠ ᠪᠡᠷ ᠲᠤᠳᠤᠷᠬᠠᠢ ᠦᠵᠡᠯᠳᠡ ᠲᠠᠢ᠂ ᠪᠦᠷᠢᠨ ᠤᠨᠤᠯ ᠤᠨ ᠰᠢᠰᠲ᠋ᠸᠮ ᠲᠠᠢ᠂ ᠰᠢᠨ᠎ᠡ ᠠᠷᠭ᠎ᠠ ᠵᠦᠢ ᠶᠢ ᠬᠡᠷᠡᠭᠯᠡᠨ᠂ ᠨᠡᠢ᠌ᠭᠡᠮ ᠤᠨ ᠬᠦᠭ᠍ᠵᠢᠯᠳᠡ ᠶᠢᠨ ᠲᠠᠭᠠᠤ ᠢᠷᠠᠭᠤ ᠨᠠᠢ᠌ᠷᠠᠭ ᠤᠨ ᠵᠤᠬᠢᠶᠠᠨ ᠪᠦᠳᠦᠭᠡᠵᠦ ᠲᠤᠭᠤᠷᠪᠢᠬᠤ ᠶᠤᠰᠤ ᠤᠴᠢᠷ ᠤᠨ ᠦᠨᠳᠦᠰᠦᠨ ᠰᠢᠯᠳᠠᠭᠠᠨ᠂ ᠠᠷᠭ᠎ᠠ᠂ ᠵᠢᠮ᠎ᠡ ᠬᠠᠤᠯᠢ ᠵᠡᠷᠭᠡ ᠶᠢ ᠲᠤᠳᠤᠷᠬᠠᠢ᠌ᠯᠠᠨ ᠭᠠᠷᠭᠠᠭᠰᠠᠨ ᠪᠠᠢ᠌ᠨ᠎ᠠ᠃
Original Literature No Original Paper
出自 内蒙古社会科学(蒙文版) 2002年 第5期

联系我们


内蒙古大学图书馆
呼和浩特市大学西路235号
中国·内蒙古
P: (0471) 4992561
E: huangfeilong@imu.edu.cn