Title |
ᠠᠭᠸᠠᠩᠳᠠᠨᠳᠠᠷ ᠤᠨ 《ᠬᠡᠢ᠌ᠢᠭᠦᠯᠦᠭᠴᠢ ᠨᠠᠷᠠᠨ》 ᠬᠡᠮᠡᠬᠦ ᠵᠤᠬᠢᠶᠠᠯ ᠳᠡᠬᠢ ᠲᠤᠭᠤᠷᠪᠢᠯ ᠵᠦᠢ ᠶᠢᠨ ᠤᠨᠤᠯ ᠤᠨ ᠲᠤᠭᠳᠠᠯᠴᠠᠭ᠎ᠠ |
Creator |
ᠬᠤᠢ᠌ᠳ ᠰᠡᠴᠡᠨ |
Keyword |
ᠠᠭᠸᠠᠩᠳᠠᠨᠳᠠᠷ; ᠵᠤᠬᠢᠶᠠᠯ ᠪᠦᠳᠦᠭᠡᠯ; ᠤᠨᠤᠯ ᠤᠨ ᠲᠤᠭᠳᠠᠯᠴᠠᠭ᠎ᠠ |
Abstract |
ᠠᠭᠸᠠᠩᠳᠠᠨᠳᠠᠷ ᠤᠨ ᠲᠤᠭᠤᠷᠪᠢᠯ ᠵᠦᠢ ᠶᠢᠨ ᠤᠨᠤᠯ ᠤᠨ ᠲᠠᠯ᠎ᠠ ᠪᠡᠷ ᠬᠢ ᠤᠨᠴᠠᠯᠢᠭ ᠨᠢ ᠲᠡᠭᠦᠨ ᠤ 《ᠬᠡᠢ᠌ᠭᠦᠯᠦᠭᠴᠢ ᠨᠠᠷᠠᠨ》 ᠤ ᠭᠤᠷᠪᠠᠳᠤᠭᠠᠷ ᠪᠦᠯᠦᠭ ᠪᠯᠤᠬᠤ 《ᠲᠤᠭᠤᠷᠪᠢᠬᠤ 》 ᠬᠡᠰᠡᠭ ᠲᠤ ᠲᠤᠪᠤᠢ᠌ᠵᠤ ᠪᠤᠢ᠃ ᠡᠨᠡᠬᠦ ᠲᠤᠭᠤᠷᠪᠢᠬᠤ ᠬᠡᠰᠡᠭ ᠤᠨ ᠪᠦᠳᠦᠴᠡ ᠬᠢᠷᠢ ᠵᠡᠷᠭᠡ ᠴᠢᠩᠭ᠋᠎ᠠ ᠪᠠᠢ᠌ᠭᠰᠠᠨ ᠢ ᠮᠠᠨ ᠤ ᠡᠯᠭᠦᠨ ᠲᠤᠳᠤᠷᠠᠭᠤᠯᠤᠭᠰᠠᠨ 1. ᠵᠤᠬᠢᠶᠠᠭᠴᠢ ᠶᠢᠨ ᠡᠷᠳᠡᠮ᠂ 2. ᠰᠡᠳᠦᠪ ᠤᠨ ᠢᠯᠭᠠᠭ᠎ᠠ᠂ 3. ᠬᠡᠷᠬᠢᠨ ᠲᠤᠭᠤᠷᠪᠢᠬᠤ ᠭᠡᠬᠦ ᠶᠡᠷᠦᠩᠬᠡᠢ ᠭᠤᠷᠪᠠᠨ ᠪᠦᠯᠦᠭ ᠲᠤ ᠬᠤᠪᠢᠶᠠᠭᠳᠠᠵᠤ᠂ ᠬᠡᠷᠬᠢᠨ ᠲᠤᠭᠤᠷᠪᠢᠬᠤ ᠪᠦᠯᠦᠭ ᠨᠢ (1)ᠲᠤᠭᠤᠷᠪᠢᠯ ᠤᠨ ᠪᠡᠯᠡᠳᠭᠡᠯ ᠱᠠᠳᠤ᠂(2)ᠪᠤᠳᠠᠳᠠᠢ ᠲᠤᠭᠤᠷᠪᠢᠯ᠂(3)ᠲᠤᠭᠤᠷᠪᠢᠯ ᠤᠨ ᠬᠤᠷᠢᠶᠠᠬᠤ ᠪᠤᠶᠠᠨ ᠭᠡᠬᠦ ᠭᠤᠷᠪᠠᠨ ᠬᠡᠰᠡᠭ ᠲᠠᠢ ᠪᠦᠭᠡᠳ ᠲᠤᠭᠤᠷᠪᠢᠯ ᠤᠨ ᠬᠤᠷᠢᠶᠠᠬᠤ ᠪᠤᠶᠠᠨ ᠨᠢ ① ᠰᠠᠢ᠌ᠨ ᠪᠦᠳᠦᠭᠡᠯ ᠤᠨ ᠪᠤᠶᠠᠨ᠂ ② ᠪᠤᠯᠬᠢ ᠪᠦᠳᠦᠭᠡᠯ ᠤᠨ ᠤᠰᠤᠯ ᠭᠡᠰᠡᠨ ᠪᠠᠭ᠎ᠠ ᠭᠠᠷᠴᠠᠭ ᠤᠳ ᠡᠴᠡ ᠮᠡᠳᠡᠵᠦ ᠪᠤᠯᠬᠤ ᠶᠤᠮ᠃ ᠠᠭᠸᠠᠩᠳᠠᠨᠳᠠᠷ ᠵᠤᠬᠢᠶᠠᠯ ᠪᠦᠳᠦᠭᠡᠯ ᠤᠨ ᠲᠤᠭᠤᠷᠪᠢᠯ ᠵᠦᠢ ᠶᠢᠨ ᠤᠨᠤᠯ ᠤᠨ ᠲᠠᠯ᠎ᠠ ᠪᠡᠷ ᠲᠤᠳᠤᠷᠬᠠᠢ ᠦᠵᠡᠯᠳᠡ ᠲᠠᠢ᠂ ᠪᠦᠷᠢᠨ ᠤᠨᠤᠯ ᠤᠨ ᠰᠢᠰᠲ᠋ᠸᠮ ᠲᠠᠢ᠂ ᠰᠢᠨ᠎ᠡ ᠠᠷᠭ᠎ᠠ ᠵᠦᠢ ᠶᠢ ᠬᠡᠷᠡᠭᠯᠡᠨ᠂ ᠨᠡᠢ᠌ᠭᠡᠮ ᠤᠨ ᠬᠦᠭ᠍ᠵᠢᠯᠳᠡ ᠶᠢᠨ ᠲᠠᠭᠠᠤ ᠢᠷᠠᠭᠤ ᠨᠠᠢ᠌ᠷᠠᠭ ᠤᠨ ᠵᠤᠬᠢᠶᠠᠨ ᠪᠦᠳᠦᠭᠡᠵᠦ ᠲᠤᠭᠤᠷᠪᠢᠬᠤ ᠶᠤᠰᠤ ᠤᠴᠢᠷ ᠤᠨ ᠦᠨᠳᠦᠰᠦᠨ ᠰᠢᠯᠳᠠᠭᠠᠨ᠂ ᠠᠷᠭ᠎ᠠ᠂ ᠵᠢᠮ᠎ᠡ ᠬᠠᠤᠯᠢ ᠵᠡᠷᠭᠡ ᠶᠢ ᠲᠤᠳᠤᠷᠬᠠᠢ᠌ᠯᠠᠨ ᠭᠠᠷᠭᠠᠭᠰᠠᠨ ᠪᠠᠢ᠌ᠨ᠎ᠠ᠃ |
Original Literature |
No Original Paper
|
出自 |
内蒙古社会科学(蒙文版)
2002年
第5期
|