Paper Information


Title 《ᠮᠣᠩᠭ᠋ᠤᠯ ᠵᠦᠪ ᠪᠢᠴᠢᠯᠭᠡ ᠶᠢᠨ ᠲᠣᠯᠢ 》 ᠶᠢᠨ ᠲᠣᠬᠠᠢ ᠮᠢᠨᠦ ᠬᠡᠯᠡᠬᠦ ᠬᠡᠳᠦᠨ ᠦᠭᠡ
Creator ᠬᠠᠰᠤᠲᠤ
Keyword 《ᠮᠣᠩᠭ᠋ᠤᠯ ᠵᠦᠪ ᠪᠢᠴᠢᠯᠭᠡ ᠶᠢᠨ ᠲᠣᠯᠢ》;ᠮᠣᠩᠭ᠋ᠤᠯ ᠦᠰᠦᠭ ᠪᠢᠴᠢᠭ᠌; ᠴᠡᠪᠡᠷ ᠲᠦᠷᠢᠮᠵᠢᠬᠦᠨ;ᠶᠣᠰᠤ ᠲᠢᠭᠯᠢᠮ; ᠴᠢᠨᠠᠷᠵᠢᠭᠤᠯᠤᠨ ᠰᠠᠢᠢᠵᠢᠷᠠᠭᠤᠯᠬᠤ
Abstract 《ᠮᠣᠩᠭ᠋ᠤᠯ ᠵᠦᠪ ᠪᠢᠴᠢᠯᠭᠡ ᠶᠢᠨ ᠲᠣᠯᠢ 》ᠬᠡᠪᠯᠡᠭᠲᠡᠨ ᠲᠠᠷᠬᠠᠭᠠᠭᠳᠠᠭᠰᠠᠨ ᠡᠴᠡ ᠠᠨᠭᠠᠰᠢ᠂ ᠤᠯᠠᠨ ᠨᠡᠢᠢᠲᠡ ᠳ᠋ᠤ ᠮᠡᠳᠡᠷᠡᠭᠳᠡᠨ᠂ᠨᠡᠢᠢᠭᠡᠮ ᠲᠠᠶᠠᠭᠠᠷ ᠲᠤ ᠦᠨᠡᠯᠡᠭᠲᠡᠬᠦ ᠳ᠋ᠤ ᠪᠠᠨ ᠪᠡᠳᠡᠳᠡᠢ ᠬᠡᠷᠡᠭᠯᠡᠭᠴᠢᠳ ᠤᠨ ᠲᠤᠮᠳᠠ ᠶᠠᠮᠠᠷ ᠲᠤᠰᠬᠠᠯ ᠪᠠᠢᠢᠬᠤ᠂ ᠭᠠᠷ ᠠᠪᠤᠯᠭᠠᠴᠢ ᠴᠢᠳᠠᠪᠬᠢ ᠪᠠᠨ ᠬᠡᠷᠬᠢᠨ ᠪᠠᠳᠠᠷᠠᠭᠤᠯᠵᠤ ᠪᠠᠢᠢᠬᠤ᠂ ᠬᠣᠵᠢᠮ ᠴᠢᠨᠠᠷᠵᠢᠭᠤᠯᠤᠨ ᠰᠠᠢᠢᠵᠢᠷᠠᠭᠤᠯᠬᠤ ᠲᠠᠯ ᠠ ᠪᠡᠷ ᠶᠠᠮᠠᠷ ᠵᠦᠢ ᠵᠣᠬᠢᠰᠲᠠᠢ ᠰᠠᠨᠠᠯ ᠵᠦᠪᠯᠡᠯᠭᠡ ᠲᠠᠯᠪᠢᠭᠳᠠᠵᠤ ᠪᠠᠢᠢᠭᠤ ᠲᠣᠬᠠᠢ ᠦᠪᠡᠷ ᠤᠨ ᠰᠣᠨᠤᠰᠴᠤ ᠲᠤᠭᠤᠯᠤᠭᠰᠠᠨ ᠶᠠᠷᠢᠶ ᠠ ᠬᠡᠯᠡᠯᠴᠡᠭᠡ ᠪᠠ ᠪᠣᠳᠠᠳᠠᠢ ᠠᠰᠢᠭᠯᠠᠵᠤ ᠬᠡᠷᠡᠭᠯᠡᠬᠦ ᠶᠠᠪᠤᠴᠠ ᠳ᠋ᠤ ᠲᠤᠯᠭᠠᠷᠠᠭᠰᠠᠨ ᠪᠡᠯᠡᠡ ᠵᠢᠱᠢᠶ ᠡ ᠨᠤᠭᠦᠳ ᠡᠴᠡ ᠠᠰᠢᠯᠠᠨ ᠦᠭᠦᠯᠡᠬᠦ ᠶᠢᠨ ᠬᠠᠮᠳᠤᠲᠠ ᠵᠦᠪ ᠲᠠᠯ ᠠ ᠡᠴᠡ ᠦᠨᠡᠯᠡᠨ ᠮᠠᠭᠠᠳᠯᠠᠬᠤ ᠵᠢ ᠬᠢᠴᠢᠶᠡᠵᠡᠢ᠃ ᠬᠡᠭᠦ ᠳ᠋ᠤ ᠪᠠᠨ ᠣᠳᠤᠬᠠᠨ ᠤ ᠮᠣᠩᠭ᠋ᠤᠯ ᠦᠰᠦᠭ ᠪᠢᠴᠢᠯᠭᠡ ᠵᠦᠭ ᠵᠦᠭ ᠲᠤ ᠪᠠᠨ᠂ ᠶᠠᠩᠵᠤ ᠶᠠᠩᠵᠤ ᠪᠡᠷ ᠣᠩᠰᠢᠯᠭ᠋ ᠠ ᠪᠢᠴᠢᠯᠭᠡ ᠣᠨᠳᠤᠤᠰᠢᠭᠰᠠᠨ ᠬᠠᠴᠢᠨ ᠦᠵᠡᠭᠳᠡᠯ ᠳ᠋ᠤ ᠴᠢᠭᠯᠡᠬᠦᠯᠵᠦ᠂ ᠲᠤᠰ ᠵᠦᠪ ᠪᠢᠴᠢᠯᠭᠡ ᠶᠢᠨ ᠲᠣᠯᠢ ᠮᠨᠠᠢ 《ᠵᠦᠪ》ᠬᠡᠭᠦ ᠭᠠᠭᠴᠠ ᠰᠤᠩᠭ᠋ᠤᠯᠲᠠ ᠪᠦᠬᠦᠢ ᠬᠠᠲᠠᠭᠤ ᠪᠠᠷᠢᠮᠵᠢᠶ ᠠ ᠵᠢ ᠲᠠᠰᠤ ᠪᠠᠷᠢᠮᠲᠠᠯᠠᠭᠤᠯᠬᠤ ᠵᠢ ᠵᠣᠷᠢᠵᠤ᠂᠂ᠬᠠᠢᠢᠰᠢᠲᠠ ᠨᠡᠩ ᠶᠣᠰᠤᠵᠢᠨ ᠲᠦᠷᠢᠮᠵᠢᠵᠤ᠂ ᠮᠣᠩᠭ᠋ᠤᠯ ᠦᠰᠦᠭ ᠪᠢᠴᠢᠭ᠌ ᠢᠢᠡᠨ ᠦᠨᠢ ᠤᠳᠭᠠᠨ ᠴᠡᠪᠡᠷ ᠲᠦᠷᠢᠮᠵᠢᠬᠦᠨ᠂ ᠶᠤᠰᠤ ᠲᠢᠭᠯᠢᠮ ᠲᠠᠢ ᠪᠣᠯᠭᠠᠬᠤ ᠵᠢ ᠪᠠᠲᠤᠯᠠᠵᠤ᠂ ᠦᠷᠭᠡᠨ ᠤᠯᠠᠨ ᠠᠰᠢᠭᠯᠠᠭᠴᠢᠳ ᠲᠤ ᠦᠨᠡᠨ ᠬᠦ ᠲᠤᠰᠠ ᠲᠡᠮ ᠪᠦᠬᠦᠢ ᠬᠠᠪᠰᠤᠷᠤᠯᠭ᠋ ᠠ ᠪᠣᠯᠵᠤ᠂ ᠪᠢᠴᠢᠭ᠌ ᠤᠨ ᠰᠢᠷᠡᠭᠡᠨ ᠤ ᠬᠢ ᠨᠢ ᠬᠠᠨᠢ ᠪᠣᠯᠬᠤ ᠵᠢ ᠴᠢᠩ ᠰᠡᠳᠬᠢᠯ ᠡᠴᠡ ᠪᠠᠨ ᠬᠦᠰᠡᠨ ᠵᠦᠩᠨᠡᠭᠰᠡᠨ ᠪᠠᠢᠢᠨ᠌ ᠠ᠃
Original Literature View Original Paper
出自 内蒙古民族大学学报(社会科学) 2013年 第3期

联系我们


内蒙古大学图书馆
呼和浩特市大学西路235号
中国·内蒙古
P: (0471) 4992561
E: huangfeilong@imu.edu.cn