Abstract |
ᠦᠭᠦᠯᠡᠯ ᠳ᠋ᠦ᠂ 《ᠮᠣᠩᠭᠤᠯ ᠤᠨ ᠨᠢᠭᠤᠴᠠ ᠲᠤᠪᠴᠢᠶᠠᠨ》ᠳ᠋ᠦ᠂ ᠨᠢᠭᠡ ᠵᠦᠢᠯ ᠤᠨ ᠭᠦᠦᠷᠨᠢᠯ ᠤᠨ ᠵᠠᠭᠪᠤᠷ ᠦᠭᠦᠯᠡᠪᠦᠷᠢ ᠳ᠋ᠦ ᠪᠠᠢᠴᠠ ᠭᠡᠰᠢᠬᠦᠨ ᠦᠭᠦᠯᠡᠪᠦᠷᠢ ᠶᠢᠨ ᠡᠭᠦᠷᠭᠡ ᠵᠢ ᠬᠦᠢᠴᠡᠳᠭᠡᠳᠡᠭ《ᠦᠯᠢᠭᠡᠷ ᠡᠬᠢᠯᠡᠬᠦ ᠵᠠᠭᠪᠤᠷ》ᠲᠦᠭᠡᠮᠡᠯ ᠠᠰᠢᠭᠯᠠᠭᠳᠠᠭᠰᠠᠨ ᠪᠠ 70 ᠵᠦᠢᠯ ᠳ᠋ᠦ ᠪᠤᠢ 《ᠲᠡᠷᠡ ᠬᠠᠪᠤᠷ ᠠᠮᠪᠠᠭᠠᠢ ᠬᠠᠭᠠᠨ ᠤ ᠬᠠᠲᠤᠨ ᠤᠷᠪᠠᠢ ᠰᠤᠬᠠᠲᠠᠢ ᠵᠢᠷᠢᠨ ᠶᠡᠬᠡᠰ ᠠ ᠭᠠᠵᠠᠷᠤ ᠢᠨᠡᠷᠦ ᠭᠠᠷᠤᠭᠰᠠᠨ ᠳ᠋ᠤᠷ》ᠭᠡᠳᠡᠭ ᠦᠭᠦᠯᠡᠪᠦᠷᠢ ᠨᠢ ᠲᠣᠬᠠᠢ ᠶᠢᠨ ᠵᠠᠭᠪᠤᠷ ᠲᠦ ᠪᠠᠭᠲᠠᠨ᠎ᠠ》ᠬᠡᠮᠡᠨ ᠦᠵᠡᠭᠡᠳ ᠦᠭᠦᠯᠡᠪᠦᠷᠢ ᠳ᠋ᠦ ᠪᠤᠢ《ᠶᠡᠭᠡᠰ ᠠ》 ᠨᠢ ᠭᠤᠤᠯ ᠦᠭᠦᠯᠡᠪᠦᠷᠢ ᠳ᠋ᠦ ᠪᠤᠢ 《ᠬᠤᠵᠢᠳᠠᠭᠤᠭᠤᠯᠳᠠᠵᠤ》ᠯᠤᠭ᠎ᠠ ᠪᠤᠰᠤ ᠬᠠᠷᠢᠨ ᠤᠼ ᠭᠡᠰᠢᠬᠦᠨ ᠦᠭᠦᠯᠡᠪᠦᠷᠢ ᠳ᠋ᠦ ᠪᠤᠢ《ᠭᠠᠵᠠᠷᠤ ᠢᠨᠡᠷᠦ ᠭᠠᠷᠤᠭᠰᠠᠨ》 ᠯᠤᠭ᠎ᠠ ᠬᠡᠯᠡ ᠵᠦᠢ ᠪᠡᠷ ᠭᠡᠯᠪᠡᠷᠢᠵᠢᠬᠦ ᠬᠡᠷᠡᠭᠲᠡᠢ ᠭᠡᠳᠡᠭ ᠦᠵᠡᠯᠲᠡ ᠵᠢ ᠲᠡᠪᠰᠢᠬᠦᠯᠬᠦ ᠶᠢᠨ ᠬᠠᠮᠲᠤ 9 ᠵᠦᠢᠯ ᠳ᠋ᠦ ᠪᠤᠢ《ᠪᠤᠷᠬᠠᠨ ᠬᠠᠯᠲᠤᠨ ᠤ ᠬᠦᠷᠦᠭᠡᠰᠦᠨ ᠬᠦᠷᠦᠬᠦᠯᠢ ᠰᠠᠢᠲᠤ ᠭᠠᠵᠠᠷ ᠰᠠᠢᠨ》ᠭᠡᠳᠡᠭ ᠦᠭᠦᠯᠡᠪᠤᠷᠢ ᠵᠢ ᠪᠦᠲᠦᠴᠡ ᠪᠡᠷ ᠵᠠᠳᠠᠯᠤᠭᠠᠳ᠂ ᠦᠭᠦᠯᠡᠪᠦᠷᠢ ᠳ᠋ᠦ ᠪᠤᠢ《ᠬᠦᠷᠦᠭᠡᠰᠦᠨ ᠬᠦᠷᠦᠯᠢ ᠰᠠᠢᠲᠦ》 ᠭᠡᠳᠡᠭ ᠬᠤᠯᠪᠤᠭ᠎ᠠ ᠦᠭᠡ ᠶᠢᠨ ᠪᠦᠲᠦᠴᠡ ᠪᠠ 《ᠬᠦᠷᠦᠭᠦᠯᠢ》《ᠰᠠᠢᠲᠤ》᠂《ᠭᠠᠵᠠᠷ》《ᠰᠠᠢᠨ》 ᠵᠡᠷᠭᠡ ᠦᠭᠡ ᠶᠢᠨ ᠤᠳᠬ ᠠ ᠵᠢ ᠲᠣᠳᠤᠯᠠᠬᠤ ᠶᠢᠨ ᠤᠯᠠᠮ ᠢᠢᠡᠷ ᠤᠭ ᠦᠭᠦᠯᠡᠪᠦᠷᠢ ᠶᠢᠨ ᠤᠳᠬ ᠠ ᠰᠠᠨᠠᠭ᠎ᠠ ᠵᠢ ᠲᠤᠳᠤᠷᠠᠭᠤᠯᠵᠤ᠂ 《ᠰᠠᠢᠲᠤ》ᠨᠢ 《ᠭᠠᠵᠠᠷ》ᠯᠤᠭ᠎ᠠ ᠪᠤᠰᠤ ᠬᠠᠷᠢᠨ《ᠬᠦᠷᠦᠭᠦᠯᠢ》ᠯᠤᠬᠡ ᠬᠦᠢᠰᠦ ᠶᠢᠨ ᠠᠢ ᠪᠡᠷ ᠵᠣᠬᠢᠴᠠᠬᠤ ᠲᠤᠬᠠᠢ ᠰᠠᠨᠠᠯ ᠢ ᠲᠡᠪᠰᠢᠬᠦᠯᠵᠠᠢ᠃ |