Paper Information


Title ᠵᠠᠩ᠋ᠭᠠᠷ ᠨᠢᠮ᠎ᠠ ᠬᠢᠭᠡᠳ ᠲᠡᠭᠦᠨ ᠦ ᠬᠡᠯᠡᠭᠰᠡᠨ 《ᠵᠢᠩ᠋ᠭᠠᠷ》᠋ ᠤᠨ ᠬᠡᠪ ᠨᠠᠮᠪᠠ
Creator ᠲᠤ‍᠂ ᠪᠠᠭᠠᠲᠤᠷ
Keyword ᠵᠠᠩ᠋ᠭᠠᠷᠴᠢ ᠨᠢᠮ᠎ᠠ; ᠠᠮᠠᠨ ᠤᠯᠠᠮᠵᠢᠯᠠᠯ ᠤᠨ ᠦᠷᠲᠡᠭ; ᠬᠡᠪ ᠨᠠᠮᠪᠠ
Abstract 《ᠵᠠᠩ᠋ᠭᠠᠷ》᠋ ᠤᠨ ᠲᠤᠤᠯᠢ ᠪᠤᠯ ᠮᠣᠩ᠋ᠭᠤᠯ ᠡᠷᠲᠡᠨᠦ ᠤᠷᠠᠨ ᠵᠤᠬᠢᠶᠠᠯ ᠤᠨ 《ᠭᠤᠷᠪᠠᠨ ᠣᠷᠭᠢᠯ》᠋ ᠤᠨ ᠨᠢᠭᠡᠨ ᠪᠤᠯᠤᠨ᠎ᠠ᠃ ᠦᠩ᠋ᠭᠡᠷᠡᠭᠰᠡᠨ ᠳᠦ 《ᠵᠠᠩ᠋ᠭᠠᠷ》᠋ ᠢ ᠡᠮᠬᠢᠳᠭᠡᠨ ᠴᠤᠭᠯᠠᠭᠤᠯᠵᠤ ᠰᠤᠳᠤᠯᠤᠨ ᠰᠢᠨᠵᠢᠯᠡᠭᠰᠡᠨ ᠲᠠᠯ᠎ᠠ ᠪᠠᠷ ᠶᠡᠬᠡᠬᠡᠨ ᠠᠮᠵᠢᠯᠲᠠ ᠣᠯᠣᠭᠰᠠᠨ ᠪᠤᠯᠪᠠᠴᠤ ᠲᠤᠰᠬᠠᠢ ᠵᠠᠩ᠋ᠭᠠᠷᠴᠢ ᠶᠢ ᠰᠤᠳᠤᠯᠤᠭᠰᠠᠨ ᠰᠤᠳᠤᠯᠭᠠᠨ ᠤ ᠦᠭᠦᠯᠡᠯ ᠴᠦᠬᠡᠨ ᠪᠦᠭᠡᠳ ᠴᠢᠨᠠᠭᠢᠯᠠᠨ ᠰᠤᠳᠤᠯᠤᠭᠴᠢᠳ ᠵᠠᠩ᠋ᠭᠠᠷᠴᠢ ᠶᠢᠨ 《ᠵᠠᠩ᠋ᠭᠠᠷ》᠋ ᠤᠨ ᠲᠤᠬᠠᠢ ᠦᠵᠡᠯᠲᠡ ᠲᠠᠨᠢᠯᠲᠠ ᠶᠢ ᠰᠤᠳᠤᠯᠭᠠᠨ ᠳᠠᠭᠠᠨ ᠠᠰᠢᠭᠯᠠᠭᠰᠠᠨ ᠨᠢ ᠴᠦᠬᠡᠨ ᠪᠠᠢ᠌ᠵᠤ᠂ 《ᠵᠠᠩ᠋ᠭᠠᠷ》᠋ ᠤᠨ ᠰᠤᠳᠤᠯᠤᠯ ᠨᠢ ᠲᠧᠺᠰᠲ ᠰᠤᠳᠤᠯᠤᠯ ᠢᠶᠠᠷ ᠭᠤᠤᠯ ᠪᠤᠯᠭᠠᠵᠤ ᠪᠠᠢ᠌ᠵᠠᠢ᠂ ᠡᠨᠳᠡ ᠪᠢ 《ᠵᠠᠩ᠋ᠭᠠᠷ》᠋ ᠤᠨ ᠲᠤᠬᠠᠢ ᠬᠡᠭᠡᠷ᠎ᠡ ᠶᠢᠨ ᠰᠢᠨᠵᠢᠯᠡᠭᠡᠨ ᠦ ᠮᠠᠲ᠋ᠧᠷᠢᠶᠠᠯ ᠳᠠᠭᠠᠨ ᠰᠠᠭᠤᠷᠢᠯᠠᠵᠤ᠂ 《ᠵᠠᠩ᠋ᠭᠠᠷ》᠋ᠰᠤᠷᠬᠤ ᠤᠷ᠎ᠠ ᠮᠡᠷᠭᠡᠵᠢᠯ᠂ ᠵᠠᠩ᠋ᠭᠠᠷᠴᠢ ᠨᠢᠮ᠎ᠠ ᠶᠢᠨ 《ᠵᠠᠩ᠋ᠭᠠᠷ》ᠬᠡᠯᠡᠬᠦ ᠬᠡᠪ ᠨᠠᠮᠪᠠ ᠵᠢᠴᠢ ᠠᠮᠠᠨ ᠤᠯᠠᠮᠵᠢᠯᠠᠯ ᠤᠨ ᠦᠨ᠎ᠡ ᠦᠷᠲᠡᠭ ᠵᠡᠷᠭᠡ ᠲᠠᠯ᠎ᠠ ᠪᠠᠷ ᠲᠤᠷᠰᠢᠨ ᠦᠭᠦᠯᠡᠬᠦ ᠪᠤᠯᠤᠨ᠎ᠠ᠃
Original Literature View Original Paper
出自 西部蒙古论坛 2010年 第4期

联系我们


内蒙古大学图书馆
呼和浩特市大学西路235号
中国·内蒙古
P: (0471) 4992561
E: huangfeilong@imu.edu.cn