Abstract |
ᠲᠤᠰ ᠦᠭᠦᠯᠡᠯ ᠳ᠋ᠤ ᠣᠳᠣ ᠦᠶ ᠡ ᠶᠢᠨ ᠦᠭᠡ ᠶᠢᠨᠪᠦᠲᠦᠣᠡ ᠵᠢ ᠵᠠᠳᠠᠯᠠᠨ ᠰᠢᠨᠵᠢᠯᠡᠬᠦ ᠳ᠋ᠡᠭᠡᠨ᠂ ᠶᠠᠭᠤᠨ ᠤ ᠡᠮᠦᠨ᠎ᠠ ᠪᠦᠲᠦᠴᠡ ᠶᠢᠨ ᠨᠢᠭᠡᠴᠡ-ᠪᠦᠲᠦᠭᠡᠪᠦᠷᠢ ᠶᠢᠨ ᠦᠭᠦᠯᠡᠪᠦᠷᠢ ᠳ᠋ᠡᠬᠢ ᠴᠢᠳᠠᠮᠵᠢ ᠡᠴᠡ ᠨᠢ ᠭᠤᠤᠯᠴᠢᠯᠠᠨ ᠵᠠᠳᠠᠯᠬᠤ ᠵᠢ ᠵᠣᠷᠢᠵᠤ᠂ ᠲᠡᠭᠦᠨ ᠢ ᠢᠵᠠᠭᠤᠷ ᠦᠭᠡ᠂ ᠦᠭᠡ ᠪᠦᠳᠦᠭᠡᠬᠦ ᠲᠠᠭᠠᠪᠤᠷᠢ᠂ ᠦᠭᠡ ᠦᠭᠡᠷᠡᠴᠢᠯᠡᠬᠦ ᠲᠠᠭᠠᠪᠤᠷᠢ ᠵᠢᠴᠢ ᠦᠭᠡ ᠬᠤᠪᠢᠯᠭᠠᠬᠤ ᠲᠠᠭᠠᠪᠤᠿᠢ ᠭᠧᠾᠦ ᠠᠳᠠᡀᠢ ᠪᠸᠰᠤ ᠶᠢᠩ ᠴᠢᠳᠠᠮᠵᠢ ᠦᠢᠯᠡᠳᠦᠯ ᠲᠠᠢ ᠲᠦᠷᠪᠡᠨ ᠲᠦᠷᠦᠯ ᠤᠨ ᠪᠦᠲᠦᠭᠡᠪᠦᠷᠢ ᠳ᠋ᠤ ᠬᠤᠷᠢᠶᠠᠩᠭᠤᠢᠯᠠᠨ ᠠᠩᠬᠢᠯᠠᠵᠠᠢ᠃ ᠡᠭᠦᠨ ᠳ᠋ᠤ᠂ ᠮᠣᠩᠭᠤᠯ ᠬᠡᠯᠡᠨ ᠤ ᠦᠭᠡ ᠶᠢᠨ ᠪᠦᠲᠦᠴᠡ ᠶᠢᠨ ᠡᠭᠦᠳᠡᠨ ᠴᠡ ᠤᠯᠠᠮᠵᠢᠯᠠᠯᠲᠤ ᠰᠣᠳᠣᠯᠣᠯ ᠳ᠋ᠤ ᠶᠡᠷᠦᠳᠡᠭᠡᠨ ᠦᠭᠡ ᠬᠤᠪᠢᠯᠭᠠᠬᠤ ᠲᠠᠭᠠᠪᠤᠷᠢ ᠶᠢᠨ ᠲᠦᠷᠦᠯ ᠳ᠋ᠤ ᠪᠠᠭᠲᠠᠭᠠᠨ ᠦᠵᠡᠳᠡᠭ《ᠭᠰᠠᠨ᠂ ᠭ᠍᠍ᠰᠠᠨ ᠳ᠋ᠠᠭ ᠳ᠋ᠡᠭ ᠬᠤ ᠬᠦ》(ᠲᠡᠮᠳᠡᠭ ᠦᠢᠯᠡ ᠦᠭᠡ ᠶᠢᠨ ᠲᠠᠭᠠᠪᠤᠷᠢ ᠭᠡᠬᠦ ᠮᠡᠳᠦ ᠶᠢᠨ ᠨᠢᠭᠡ ᠪᠦᠯᠦᠭ ᠲᠠᠭᠠᠪᠤᠷᠢ ᠵᠢ ᠦᠭᠡ ᠬᠤᠪᠢᠯᠭᠠᠬᠤ ᠪᠠ ᠦᠭᠡ ᠪᠦᠲᠦᠭᠡᠬᠦ ᠲᠠᠭᠠᠪᠤᠷᠢ ᠡᠴᠡ ᠪᠦᠷ ᠢᠯᠭᠠᠨ ᠲᠤᠰᠬᠠᠢ ᠨᠢᠭᠡᠨ ᠲᠦᠷᠦᠯ ᠪᠣᠯᠭᠠᠨ ᠠᠩᠬᠢᠯᠠᠪᠠᠯ ᠵᠣᠬᠢᠨ᠎ᠠ ᠭᠡᠰᠡᠨ ᠪᠦᠭᠡᠳ ᠲᠠᠷᠤᠢ《ᠦᠭᠡ ᠦᠭᠡᠷᠡᠴᠢᠯᠡᠬᠦ ᠲᠠᠭᠠᠪᠤᠷᠢ》ᠭᠡᠵᠦ ᠨᠡᠷᠡᠯᠡᠭᠰᠡᠨ ᠪᠠᠢᠨ ᠠ᠃ ᠲᠡᠭᠡᠭᠡᠳ ᠵᠣᠬᠢᠶᠠᠭᠴᠢ ᠡᠴᠡ ᠮᠣᠩᠭᠤᠯ ᠬᠡᠯᠡᠨ ᠤ ᠬᠤᠯᠪᠤᠭ᠎ᠠ ᠦᠭᠡ ᠪᠣᠶᠤ ᠦᠭᠦᠯᠡᠪᠦᠷᠢ ᠳ᠋ᠡᠬᠢ ᠦᠭᠡ ᠪᠣᠯ ᠲᠠᠷᠤᠢ ᠲᠡᠭᠡᠷ ᠡ ᠲᠤᠷᠠᠳᠤᠭᠰᠠᠨ ᠲᠦᠷᠪᠡᠨ ᠲᠦᠷᠦᠯ ᠤᠨ ᠪᠦᠲᠦᠭᠡᠪᠦᠷᠢ ᠶᠢᠨ ᠬᠠᠷᠢᠯᠴᠠᠨ ᠵᠢᠮ ᠠ ᠬᠠᠤᠯᠢ ᠲᠠᠢ ᠪᠡᠷ ᠤᠶᠠᠯᠳᠤᠨ ᠨᠡᠢᠯᠡᠭᠰᠡᠨ ᠤ ᠦᠷ ᠡ ᠳ᠋ᠦᠩ ᠮᠦᠨ ᠭᠡᠵᠦ ᠦᠵᠡᠪᠡ᠃ |