Paper Information


Title ᠰᠤᠷᠭᠠᠭᠤᠯᠢ ᠡᠴᠡ ᠡᠮᠦᠨᠡᠭᠢ ᠰᠤᠷᠭᠠᠨ ᠬᠦᠮᠦᠵᠢᠯ ᠤᠨ ᠲᠤᠰᠬᠠᠢ ᠮᠡᠷᠭᠡᠵᠢᠯ ᠤᠨ ᠲᠠᠳᠤᠯᠭ᠎ᠠ ᠬᠢᠬᠦ ᠪᠦᠲᠦᠮᠵᠢᠲᠠᠢ ᠴᠢᠨᠠᠷ ᠢ ᠲᠡᠡᠭᠡᠭᠰᠢᠯᠡᠬᠦᠯᠬᠦ ᠲᠣᠬᠠᠢ
Creator ᠸᠠᠩ ᠯᠢᠩᠬᠤ ᠠ
Keyword ᠰᠤᠷᠭᠠᠭᠤᠯᠢ ᠡᠴᠡ ᠡᠮᠦᠨᠡᠬᠡᠢ ᠰᠤᠷᠭᠠᠨ ᠬᠦᠮᠦᠵᠢᠯ; ᠲᠠᠳᠤᠯᠭ᠎ᠠ ᠶᠢᠨ ᠬᠢᠴᠢᠶᠡᠯᠯᠡᠭᠡ; ᠦᠷ ᠠ ᠪᠦᠲᠦᠮᠵᠢᠲᠠᠢ ᠴᠢᠠᠨᠷ
Abstract ᠰᠤᠷᠭᠠᠨ ᠬᠦᠮᠦᠵᠢᠯ ᠤᠨ ᠲᠠᠳᠤᠯᠭ᠎ᠠ ᠪᠤᠯ ᠰᠤᠷᠭᠠᠭᠤᠯᠢ ᠡᠴᠡᠡᠮᠦᠨᠡᠬᠢ ᠰᠤᠷᠭᠠᠨ ᠬᠦᠮᠦᠵᠢᠯ ᠤᠨ ᠲᠤᠰᠬᠠᠢ ᠮᠡᠷᠭᠡᠵᠢᠯ ᠤᠨ ᠴᠢᠬᠤᠯᠠ ᠨᠢᠭᠡ ᠦᠢᠯᠡᠳᠦᠯᠭᠡᠲᠦ ᠬᠢᠴᠢᠶᠡᠯᠯᠡᠭᠡ ᠶᠢᠨ ᠨᠢᠭᠡ ᠪᠤᠯᠬᠤ ᠮᠦᠷᠲᠡᠭᠡᠨ ᠲᠤᠰᠬᠠᠢ ᠮᠡᠷᠭᠡᠵᠢᠯ ᠤᠨ ᠤᠨᠤᠯ ᠤᠨ ᠮᠡᠳᠡᠯᠭᠡ ᠪᠠᠨ ᠦᠢᠯᠳᠦᠯᠭᠡ ᠲᠠᠢ᠍ ᠤᠶᠠᠯᠳᠤᠭᠤᠯᠵᠤ᠂ ᠶᠡᠷᠦᠩᠬᠡᠢᠢᠯᠡᠨ ᠬᠡᠷᠡᠭᠯᠡᠬᠦ ᠴᠢᠬᠤᠯᠠ ᠨᠢᠭᠡ ᠭᠤᠭᠴᠤᠭ᠎ᠠ ᠪᠤᠯᠤᠨ᠎ᠠ᠃ᠪᠠᠰᠠ ᠴᠦ ᠰᠤᠷᠤᠭᠴᠢ ᠶᠢᠨ ᠲᠤᠰᠬᠠᠢ ᠮᠡᠷᠭᠡᠵᠢᠯ ᠤᠨ ᠦᠰᠦᠨ ᠪᠤᠢᠵᠢᠯᠲᠠ ᠳ᠋ᠤ ᠴᠢᠬᠤᠯᠠ ᠠᠦᠢᠯᠡᠳᠦᠯ ᠦᠵᠡᠬᠦᠯᠵᠦ ᠪᠠᠢᠭ᠎ᠠ ᠬᠢᠴᠢᠶᠡᠯᠯᠡᠭᠡ ᠪᠤᠯᠤᠨ᠎ᠠ᠃ ᠭᠡᠳᠡᠯ ᠠ ᠣᠳᠤᠬᠠᠨ ᠤ ᠰᠤᠷᠭᠠᠭᠤᠯᠢ ᠡᠴᠡ ᠡᠮᠦᠨᠡᠭᠢ ᠰᠤᠷᠭᠠᠨ ᠬᠦᠮᠦᠵᠢᠯ ᠤᠨ ᠲᠤᠰᠬᠠᠢ ᠮᠡᠷᠭᠡᠵᠢᠯ ᠤᠨ ᠲᠠᠳᠤᠯᠭ᠎ᠠ ᠶᠢᠨ ᠬᠢᠴᠢᠶᠡᠯᠯᠡᠭᠡ ᠳ᠋ᠤ ᠤᠯᠠᠨ ᠠᠷᠪᠢᠨ ᠪᠤᠳᠠᠳᠤ ᠠᠰᠠᠭᠤᠳᠠᠯ ᠤᠷᠤᠰᠢᠵᠤ᠂ᠲᠠᠳᠤᠯᠭ᠎ᠠ ᠶᠢᠨ ᠦᠷ ᠡ ᠪᠦᠲᠦᠮᠵᠢ ᠲᠡᠮᠡᠢ ᠦᠨᠳᠦᠷ ᠪᠢᠰᠢ᠂ ᠲᠠᠳᠤᠯᠭ᠎ᠠ ᠶᠢᠨ ᠬᠢᠴᠢᠶᠡᠯᠯᠡᠭᠡ ᠶᠢᠨ ᠬᠠᠷᠠᠯᠲᠠ ᠳ᠋ᠤ ᠪᠠᠨ ᠬᠠᠷᠠᠬᠠᠨ ᠬᠦᠷᠴᠦ ᠲᠡᠢᠯᠬᠦ ᠦᠭᠡᠢ ᠪᠠᠢᠳᠠᠯ ᠤᠷᠤᠰᠢᠵᠤ ᠪᠠᠢᠨ᠎ᠠ᠃ ᠲᠤᠰ ᠦᠭᠦᠯᠡᠯ ᠳ᠋ᠤ ᠲᠠᠳᠤᠯᠭ᠎ᠠ ᠶᠢᠨ ᠴᠠᠭ ᠭᠡᠲᠦᠷᠭᠡᠢ ᠤᠬᠤᠷ᠂᠂ ᠲᠠᠳᠤᠯᠭ᠎ᠠ ᠬᠢᠬᠦ ᠰᠠᠭᠤᠷᠢᠨ ᠭᠠᠵᠠᠷ ᠤᠨ ᠦᠢᠯᠡᠳᠦᠯ ᠲᠤᠳᠤ ᠦᠭᠡᠢ᠂ ᠲᠠᠳᠤᠯᠭ᠎ᠠ ᠬᠢᠬᠦ ᠠᠭᠤᠯᠭ᠎ᠠ ᠬᠡᠳᠦᠷᠬᠡᠢ ᠲᠠᠩ ᠴᠣᠯᠭᠤᠢ᠂ ᠲᠠᠳᠤᠯᠭ᠎ᠠ ᠶᠢᠨ ᠵᠢᠯᠤᠭᠤᠳᠤᠭᠴᠢ ᠪᠠᠭᠰᠢ ᠶᠢᠨ ᠵᠢᠯᠤᠭᠤᠳᠤᠯᠭ᠎ᠠ ᠬᠦᠢᠴᠡᠳ ᠦᠭᠡᠢ᠂ ᠲᠠᠳᠤᠯᠭ᠎ᠠ ᠶᠢᠨ ᠲᠣᠬᠠᠢ ᠦᠨᠡᠯᠡᠯᠲᠡ ᠪᠦᠷᠢᠨ ᠪᠤᠰᠤ ᠵᠡᠷᠭᠡ ᠠᠰᠠᠭᠤᠳᠠᠯ ᠳ᠋ᠤ ᠴᠢᠭᠯᠡᠬᠦᠯᠵᠦ ᠂ᠬᠡᠷᠬᠢᠨ ᠲᠠᠳᠤᠯᠭ᠎ᠠ ᠶᠢᠨ ᠬᠢᠴᠢᠶᠡᠯᠯᠡᠭᠡ ᠶᠢᠨ ᠦᠷ ᠠ ᠪᠦᠲᠦᠮᠵᠢᠲᠦ ᠴᠢᠠᠨᠷ ᠲᠡᠭᠡᠭᠰᠢᠯᠡᠬᠦᠯᠬᠦ ᠲᠣᠬᠠᠢ ᠲᠤᠷᠰᠢᠨ ᠦᠭᠦᠯᠡᠭᠰᠡᠨ ᠶᠣᠮ᠃
Original Literature View Original Paper
出自 赤峰学院学报(蒙文哲学社会科学版) 2017年 第6期

联系我们


内蒙古大学图书馆
呼和浩特市大学西路235号
中国·内蒙古
P: (0471) 4992561
E: huangfeilong@imu.edu.cn