Paper Information


Title ᠣᠳᠣ ᠦᠶ᠎ᠡ ᠶᠢᠨ ᠮᠣᠩ᠋ᠭᠤᠯ ᠨᠤᠮ ᠤᠨ ᠬᠡᠪ ᠦᠨ ᠬᠡᠯᠪᠡᠷᠢ ᠶᠢᠨ ᠲᠦᠰᠦᠪᠯᠡᠯ ᠦᠨ ᠰᠢᠨᠵᠢᠯᠡᠭᠡ
Creator ᠡᠦ ᠸᠧᠨ ᠵᠢᠦᠸᠠᠨ; ᠴᠢᠩ ᠯᠦᠩ
Keyword ᠮᠣᠩ᠋ᠭᠤᠯ ᠨᠤᠮ; ᠬᠡᠪ ᠦᠨ ᠬᠡᠯᠪᠡᠷᠢ; ᠦᠰᠦᠭ ᠲᠡᠮᠳᠡᠭ ᠦᠨ ᠲᠦᠰᠦᠪᠯᠡᠯ; ᠵᠢᠭᠢᠷᠢᠭ᠌ ᠵᠢᠷᠤᠭ ᠤᠨ ᠲᠦᠰᠦᠪᠯᠡᠯ
Abstract ᠬᠡᠪ ᠦᠨ ᠬᠡᠯᠪᠡᠷᠢ ᠶᠢᠨ ᠲᠦᠰᠦᠪᠯᠡᠯ ᠭᠡᠳᠡᠭ ᠪᠤᠯ ᠨᠤᠮ ᠤᠨ ᠪᠠᠷᠯᠠᠯᠲᠠ ᠶᠢᠨ ᠦᠯᠢᠭᠡᠷ ᠶᠠᠩᠵᠤ᠂ ᠦᠰᠦᠭ ᠦᠨ ᠲᠢᠭ᠌᠂ ᠨᠢᠭᠤᠷ ᠤᠨ ᠶᠡᠬᠡ ᠪᠠᠭ᠎ᠠ᠂ ᠭᠠᠷᠴᠠᠭ᠂ ᠰᠡᠳᠦᠪ᠂ ᠲᠠᠢ᠌ᠯᠪᠤᠷᠢ᠂ ᠨᠢᠭᠤᠷ ᠤᠨ ᠳ᠋ᠤᠭᠠᠷ᠂ ᠨᠢᠭᠤᠷ ᠤᠨ ᠭᠠᠷᠴᠠᠭ ᠵᠡᠷᠭᠡ ᠶᠢ ᠲᠦᠰᠦᠪᠯᠡᠬᠦ ᠶᠢ ᠵᠢᠭᠠᠵᠤ ᠪᠠᠢ᠌ᠨ᠎ᠠ᠃ ᠲᠡᠭᠦᠨ ᠢ ᠬᠠᠪᠢᠰᠤ ᠲᠦᠰᠦᠪᠯᠡᠬᠦ᠂ ᠦᠳᠡᠵᠦ ᠳᠡᠪᠲᠡᠷᠯᠡᠬᠦ ᠬᠡᠯᠪᠡᠷᠢ ᠮᠠᠶ‍ᠢᠭ᠂ ᠵᠦᠰᠦᠮ ᠦᠨ ᠬᠡᠮᠵᠢᠶ᠎ᠡ ᠵᠡᠷᠭᠡ ᠶᠢ ᠤᠷᠠᠯᠠᠵᠤ ᠴᠢᠮᠡᠬᠦ ᠠᠵᠢᠯ ᠲᠠᠢ ᠠᠳᠠᠯᠢ ᠪᠠᠷ ᠡᠬᠡ ᠪᠢᠴᠢᠭ᠌ ᠦᠨ ᠠᠭᠤᠯᠭ᠎ᠠ᠂ ᠰᠢᠨᠵᠢ ᠴᠢᠨᠠᠷ᠂ ᠬᠡᠷᠡᠭᠯᠡᠯᠲᠡ᠂ ᠤᠩᠰᠢᠬᠤ ᠡᠲᠡᠭᠡᠳ ᠵᠡᠷᠭᠡ ᠶᠢ ᠦᠨᠳᠦᠰᠦᠯᠡᠨ ᠲᠤᠭᠲᠠᠭᠠᠨ᠎ᠠ᠃ ᠡᠭᠦᠨ ᠳᠦ ᠬᠡᠯᠪᠡᠷᠢ ᠪᠤᠯᠤᠨ ᠠᠭᠤᠯᠭ᠎ᠠ ᠶᠢᠨ ᠨᠢᠭᠡᠲᠦᠮᠡᠯ ᠰᠢᠨᠵᠢ ᠬᠢᠭᠡᠳ ᠵᠤᠬᠢᠴᠠᠩ᠋ᠭᠤᠢ ᠪᠦᠬᠦᠯᠢ ᠴᠤᠭᠴᠠᠲᠤ ᠰᠢᠨᠵᠢ ᠪᠠᠢ᠌ᠬᠤ ᠶᠢ ᠠᠩ᠋ᠬᠠᠷᠪᠠᠯ ᠵᠤᠬᠢᠨ᠎ᠠ᠃ ᠨᠤᠮ ᠪᠤᠯ ᠬᠡᠪᠯᠡᠯ ᠦᠨ ᠨᠢᠭᠤᠷ ᠢᠶᠠᠷ ᠳᠠᠮᠵᠢᠨ ᠤᠩᠰᠢᠭᠴᠢᠳ ᠲᠠᠢ ᠨᠡᠪᠲᠡᠷᠡᠯᠴᠡᠨ᠂ ᠤᠩᠰᠢᠭᠴᠢᠳ ᠲᠤ ᠮᠡᠳᠡᠯᠭᠡ ᠬᠠᠩ᠋ᠭᠠᠳᠠᠭ᠃ ᠨᠢᠭᠡᠨ ᠰᠠᠢ᠌ᠨ ᠬᠡᠪ ᠦᠨ ᠬᠡᠯᠪᠡᠷᠢ ᠶᠢᠨ ᠲᠦᠰᠦᠪᠯᠡᠯ ᠨᠢ ᠤᠩᠰᠢ᠋ᠬᠤ ᠳᠤ ᠳᠠᠭᠠᠯᠠᠮᠵᠢᠲᠠᠢ ᠮᠦᠷᠲᠡᠭᠡᠨ ᠨᠤᠮ ᠤᠨ ᠠᠭᠤᠯᠭ᠎ᠠ ᠲᠠᠢ ᠤᠷᠭᠠᠨᠢᠭ ᠢᠶᠠᠷ ᠨᠢᠭᠡᠲᠦᠨ᠂ ᠨᠤᠮ ᠤᠩᠰᠢᠬᠤ ᠶᠠᠪᠤᠴᠠ ᠳᠤ ᠠᠶᠠᠨᠳᠠᠭᠠᠨ ᠭᠤᠤ᠎ᠠ ᠲᠠᠭᠠᠰᠢᠶᠠᠯ ᠤᠨ ᠪᠠᠶᠠᠷ ᠪᠠᠶᠠᠰᠤᠯ ᠣᠯᠭᠤᠨ᠎ᠠ᠃
Original Literature View Original Paper
出自 中国蒙古学 2012年 第6期

联系我们


内蒙古大学图书馆
呼和浩特市大学西路235号
中国·内蒙古
P: (0471) 4992561
E: huangfeilong@imu.edu.cn