Paper Information


Title ᠷᠤᠮᠠᠨ 《ᠲᠡᠯᠭᠡᠷ ᠬᠠᠩᠭ᠋ᠠᠢ》 ᠳᠡᠬᠢ ᠵᠠᠷᠢᠮ ᠪᠡᠯᠭᠡᠳᠡᠯ ᠤᠨ ᠲᠤᠬᠠᠢ ᠦᠭᠦᠯᠡᠬᠦ ᠨᠢ
Creator ᠪᠠᠢ ᠶᠦᠩ ᠴᠢᠤᠸᠠᠨ; ᠭᠤᠤ ᠵᠤᠷᠢᠭᠳᠤ
Keyword ᠷᠤᠮᠠᠨ 《ᠲᠡᠯᠭᠡᠷ ᠬᠠᠩᠭ᠋ᠠᠢ》; ᠲᠤᠭᠠᠨ ᠤ ᠪᠡᠯᠭᠡᠳᠡᠯ; ᠦᠩᠭᠡ ᠶᠢᠨ ᠪᠡᠯᠭᠡᠳᠡᠯ
Abstract 《ᠠᠮᠠᠨ ᠪᠡᠯᠭᠡ ᠬᠠᠮᠢᠭᠠᠰᠢ ᠪᠤᠯ ᠠᠰᠢᠳᠠ ᠶᠢᠨ ᠪᠡᠯᠭᠡ ᠬᠠᠮᠢᠭᠠᠰᠢ ᠪᠠᠨ》ᠭᠡᠳᠡᠭᠴᠢᠯᠡᠨ᠂ ᠪᠡᠯᠭᠡ ᠵᠦᠩᠨᠡᠯ ᠨᠢ ᠮᠤᠩᠭ᠋ᠤᠯᠴᠤᠳ ᠤᠨ ᠢᠨᠠᠭᠰᠢ ᠰᠤᠶᠤᠯ ᠰᠡᠳᠭᠢᠴᠡ᠂ ᠵᠠᠩ ᠠᠷᠠᠨᠰᠢᠨ ᠤ ᠴᠢᠬᠤᠯᠠ ᠨᠢᠭᠡᠨ ᠦᠵᠡᠭᠳᠡᠯ ᠪᠤᠯᠤᠭᠰᠠᠭᠠᠷ ᠢᠷᠡᠭᠰᠡᠨ ᠶᠤᠮ᠃ 《ᠮᠤᠩᠭ᠋ᠤᠯ ᠰᠤᠶᠤᠯ ᠤᠬᠠᠮᠰᠠᠷ ᠲᠡᠬᠢ ᠶᠡᠷᠡ ᠶᠢᠰᠦᠨ ᠲᠡᠭᠷᠢ᠂ ᠦᠩᠬᠡ ᠲᠡᠭᠷᠢ᠂ ᠡᠳᠦᠭᠡᠨ ᠡᠬᠡ᠂ ᠬᠠᠷ᠎ᠠ ᠰᠦᠯᠳᠡ᠂ ᠬᠤᠨ ᠰᠢᠪᠠᠭᠤ᠂ ᠰᠠᠭᠯᠠᠭᠠᠷ ᠮᠤᠳᠤ …… ᠵᠡᠷᠭᠡ ᠨᠢ ᠪᠦᠷ ᠰᠤᠶᠤᠯ ᠲᠡᠦᠬᠡ ᠶᠢᠨ ᠪᠡᠯᠭᠡᠳᠡᠯ ᠤᠳᠬ᠎ᠠ ᠲᠠᠢ ᠶᠤᠮ᠃ ᠰᠤᠷᠪᠤᠯᠵᠢ ᠪᠢᠴᠢᠭ᠌《ᠯᠤ᠌᠍᠌᠋᠋‍ · ᠠᠯᠳᠠᠨ ᠲᠤᠪᠴᠢ》᠂ 《ᠬᠦᠬᠡ ᠰᠤᠳᠤᠷ》 ᠵᠡᠷᠭᠡ ᠪᠦᠳᠦᠭᠡᠯ ᠳᠤ ᠮᠤᠩᠭ᠋ᠤᠯ ᠪᠡᠯᠭᠡ ᠵᠦᠩᠨᠡᠯ ᠤᠨ ᠰᠤᠶᠤᠯ ᠤᠯᠠᠨ ᠠᠭᠤᠯᠤᠭᠳᠠᠵᠤ ᠪᠠᠢ᠌ᠳᠠᠭ᠃ ᠵᠢᠱᠢᠶᠡᠯᠡᠪᠡᠯ《ᠮᠤᠩᠭ᠋ᠤᠯ ᠤᠨ ᠨᠢᠭᠤᠴᠠ ᠲᠤᠪᠴᠢᠶᠠᠨ》 ᠳᠤ 《ᠴᠠᠭᠠᠨ ᠱᠤᠩᠬᠤᠷ ᠰᠢᠪᠠᠭᠤ》ᠪᠤᠯ ᠪᠡᠯᠭᠡᠳᠡᠯ ᠲᠦᠷᠢ [ᠤᠷᠤᠭ ᠪᠤᠯᠤᠯᠴᠠᠬᠤ] ᠨᠢ ᠵᠦᠩᠨᠡᠯ ᠰᠠᠨᠠᠭ᠎ᠠ ᠪᠤᠯᠤᠨ᠎ᠠ᠃ 《ᠬᠦᠬᠡ ᠰᠤᠳᠤᠷ》ᠲᠤ 《ᠲᠠᠪᠤᠨ ᠦᠩᠭᠡ ᠶᠢᠨ ᠰᠢᠪᠠᠭᠤᠨ ᠤ ᠭᠤᠷᠪᠠᠨᠳᠠ ᠲᠤᠩᠭ᠋ᠤᠳᠤᠭᠰᠠᠨ ᠨᠢ》᠂ ᠲᠡᠮᠦᠵᠢᠨ ᠬᠠᠭᠠᠨ ᠰᠠᠭᠤᠬᠤ ᠶᠢ ᠪᠡᠯᠭᠡᠳᠡᠭᠰᠡᠨ ᠪᠠᠢ᠌ᠨ᠎ᠠ᠃ ᠮᠠᠨ ᠤ ᠮᠤᠩᠭ᠋ᠤᠯ ᠤᠨ ᠰᠤᠷᠪᠤᠯᠵᠢ ᠪᠢᠴᠢᠭ᠌ ᠲᠡᠬᠢ ᠡᠢ᠌ᠮᠦᠷᠬᠦᠦ ᠢᠷᠠᠭᠤ ᠤᠯᠠᠮᠵᠢᠯᠠᠯ《ᠲᠡᠯᠭᠡᠷ ᠬᠠᠩᠭ᠋ᠠᠢ》ᠷᠤᠮᠠᠨ ᠳᠤ ᠲᠤᠰᠬᠠᠭᠳᠠᠭᠰᠠᠨ ᠪᠠᠢ᠌ᠳᠠᠯ ᠢ ᠲᠤᠭᠠᠨ ᠤ ᠪᠡᠯᠭᠡᠳᠡᠯ᠂ ᠦᠩᠭᠡ ᠶᠢᠨ ᠪᠡᠯᠭᠡᠳᠡᠯ ᠭᠡᠬᠦ ᠬᠤᠶᠠᠷ ᠲᠠᠯ᠎ᠠ ᠡᠴᠡ ᠰᠢᠨᠵᠢᠯᠡᠨ ᠦᠭᠦᠯᠡᠬᠦ ᠶᠢ ᠴᠢᠷᠮᠠᠢ᠌ᠪᠠ᠃
Original Literature No Original Paper
出自 赤峰学院学报(蒙文哲学社会科学版) 2017年 第1期

联系我们


内蒙古大学图书馆
呼和浩特市大学西路235号
中国·内蒙古
P: (0471) 4992561
E: huangfeilong@imu.edu.cn