Paper Information


Title ᠮᠣᠩᠭᠤᠯ ᠢᠶᠠᠷ ᠤᠷᠢᠬᠤ ᠪᠤᠷᠬᠠᠨ ᠱᠠᠰᠢᠨ ᠤ ᠠᠶ᠎ᠠ ᠳᠠᠭᠤᠤ ᠶᠢᠨ ᠭᠡᠮᠨᠡᠯ ᠪᠤᠯᠤᠨ ᠰᠢᠯᠦᠭᠦᠨ ᠬᠢᠰᠬᠢᠴᠡ ᠶᠢᠨ ᠬᠤᠭᠤᠷᠤᠨᠳᠤᠬᠢ ᠬᠠᠷᠢᠴᠠᠭ᠎ᠠ
Creator ᠪᠤᠤ ᠳᠠᠷᠬᠠᠨ
Keyword ᠮᠣᠩᠭᠤᠯ ᠢᠶᠠᠷ ᠤᠷᠢᠬᠤ; ᠪᠤᠷᠬᠠᠨ ᠱᠠᠰᠢᠨ; ᠠᠶ᠎ᠠ ᠳᠠᠭᠤᠤ; ᠭᠡᠮᠨᠡᠯ; ᠬᠢᠰᠬᠢᠴᠡ; ᠬᠠᠷᠢᠴᠠᠭ᠎ᠠ
Abstract ᠨᠤᠮ ᠨᠤᠮᠯᠠᠬᠤ ᠳᠤ ᠲᠦᠪᠡᠳ ᠬᠡᠯᠡᠯᠭᠡ ᠪᠤᠯᠤᠨ ᠮᠣᠩ᠋ᠭᠤᠯ ᠬᠡᠯᠡᠯᠭᠡ ᠶᠢᠨ ᠭᠡᠵᠦ ᠬᠤᠶᠠᠷ ᠬᠡᠯᠪᠷᠢ ᠪᠤᠢ᠃ ᠮᠣᠩ᠋ᠭᠤᠯ ᠬᠡᠯᠡᠯᠭᠡ ᠶᠢᠨ ᠨᠤᠮᠯᠠᠬᠤ ᠠᠶ᠎ᠠ ᠭᠡᠮᠨᠡᠯ ᠨᠢ ᠣᠨᠴᠠᠭᠠᠢ ᠬᠡᠪ ᠵᠢᠷᠦᠮ ᠲᠡᠢ ᠮᠦᠷᠲᠡᠭᠡᠨ ᠲᠤᠭᠲᠠᠮᠠᠯ ᠳᠡᠰ ᠳᠠᠷᠠᠭᠠᠯᠠᠯ ᠲᠠᠢ ᠪᠠᠢ᠌ᠳᠠᠭ ᠶᠤᠮ᠃ ᠲᠡᠷᠡ ᠬᠦ ᠭᠡᠮᠨᠡᠯ ᠨᠢ ᠶᠡᠷᠦ ᠡᠴᠡ ᠠᠬᠢᠨ ᠳᠠᠬᠢᠨ ᠳᠠᠪᠲᠠᠭᠳᠠᠵᠤ ᠪᠠᠢ᠌ᠳᠠᠭ᠃ ᠱᠠᠰᠢᠨ ᠤ ᠨᠤᠮ ᠤᠨ ᠦᠭᠦᠯᠡᠪᠦᠷᠢ (ᠰᠢᠯᠦᠭ)᠋ ᠳᠦ ᠠᠶ᠎ᠠ ᠬᠠᠪᠰᠤᠷᠭᠠᠬᠤ ᠳᠤ ᠰᠢᠯᠦᠭ ᠦᠨ ᠬᠢᠰᠬᠢᠴᠡ ᠶᠢ ᠶᠡᠬᠡ ᠪᠡᠷ ᠦᠭᠡᠷᠡᠴᠢᠯᠡᠨ ᠬᠤᠪᠢᠷᠠᠭᠤᠯᠳᠠᠭ ᠪᠠᠢ᠌ᠨ᠎ᠠ᠃ ᠨᠤᠮ ᠤᠨ ᠰᠢᠯᠦᠭ ᠦᠨ ᠬᠢᠰᠬᠢᠴᠡ ᠳᠡᠬᠢ ᠨᠢᠭᠡ ᠵᠤᠭᠰᠤᠯᠲᠠ ᠶᠢᠨ ᠨᠢᠭᠡᠴᠢ ᠨᠢ ᠳᠠᠷᠤᠢ ᠨᠤᠮ ᠤᠨ ᠠᠶ᠎ᠠ ᠶᠢᠨ ᠨᠢᠭᠡ ᠭᠡᠮᠨᠡᠯ ᠦᠨ ᠨᠢᠭᠡᠴᠢ ᠪᠤᠯᠳᠠᠭ᠃ ᠰᠢᠯᠦᠭ ᠦᠨ ᠬᠢᠰᠬᠢᠴᠡ ᠶᠢᠨ ᠭᠤᠤᠯᠳᠠᠯᠭ᠎ᠠ ᠨᠢ ᠵᠤᠭᠰᠤᠯᠲᠠ ᠶᠢᠨ ᠨᠢᠭᠡᠴᠢ ᠪᠦᠷᠢ ᠶᠢᠨ ᠳᠤᠲᠤᠷ᠎ᠠ ᠪᠠᠭᠲᠠᠭᠠᠭᠰᠠᠨ ᠡᠭᠡᠰᠢᠭ᠌ ᠠᠪᠢᠶ᠎ᠠ ᠶᠢᠨ ᠲᠤᠭ᠎ᠠ ᠶᠢ ᠠᠶ᠎ᠠ ᠶᠢᠨ ᠭᠡᠮᠨᠡᠯ ᠦᠨ ᠨᠢᠭᠡᠴᠢ ᠯᠦᠭᠡ ᠵᠤᠬᠢᠴᠠᠭᠤᠯᠬᠤ ᠳᠤ ᠪᠤᠢ᠃ ᠰᠢᠯᠦᠭ ᠦᠨ ᠭᠢᠰᠬᠢᠴᠡ ᠶᠢᠨ ᠨᠢᠭᠡᠴᠢ ᠪᠤᠯ ᠳᠠᠷᠤᠢ ᠠᠶ᠎ᠠ ᠭᠡᠮᠨᠡᠯ ᠦᠨ ᠨᠢᠭᠡ ᠨᠢᠭᠡᠴᠢ ᠪᠤᠯᠳᠠᠭ ᠪᠦᠭᠡᠳ ᠨᠢᠭᠡᠨ ᠨᠢᠭᠡᠴᠢ ᠳᠦ ᠡᠩ ᠦᠨ ᠪᠠᠢ᠌ᠳᠠᠯ ᠳᠤ ᠭᠠᠭᠴᠠᠬᠠᠨ ᠡᠭᠡᠰᠢᠭ᠌ ᠠᠪᠢᠶ᠎ᠠ ᠲᠠᠢ ᠪᠠᠢ᠌ᠳᠠᠭ᠃ ᠡᠨᠡ ᠲᠠᠯ᠎ᠠ ᠪᠠᠷ ᠮᠣᠩ᠋ᠭᠤᠯ ᠤᠯᠠᠮᠵᠢᠯᠠᠯᠲᠤ ᠰᠢᠯᠦᠭ ᠳᠠᠭᠤᠯᠠᠯ ᠤᠨ ᠨᠤᠭᠤᠯᠪᠤᠷᠢ ᠯᠤᠭ᠎ᠠ ᠶᠡᠬᠡᠬᠡᠨ ᠵᠦᠷᠢᠶ᠎ᠡ ᠲᠡᠢ ᠪᠠᠢ᠌ᠳᠠᠭ᠃
Original Literature View Original Paper
出自 内蒙古社会科学(蒙文版) 2005年 第6期

联系我们


内蒙古大学图书馆
呼和浩特市大学西路235号
中国·内蒙古
P: (0471) 4992561
E: huangfeilong@imu.edu.cn