Title |
ᠶᠤᠤ ᠰᠢ ᠭᠤᠸᠠᠩ ᠬᠢᠭᠡᠳ ᠳᠡᠭᠦᠨ ᠦ 《ᠮᠣᠩᠭᠣᠯ ᠢ ᠵᠠᠰᠠᠬᠤ ᠮᠦᠴᠢᠳ ᠰᠠᠨᠠᠭᠤᠯᠭ᠎ᠠ》ᠶ᠋ᠢᠨ ᠲᠤᠬᠠᠢ |
Creator |
ᠰᠤᠳᠤᠪᠢᠯᠢᠭ᠌ |
Keyword |
ᠶᠤᠤ ᠰᠢ ᠭᠤᠸᠠᠩ ; 《ᠮᠣᠩᠭᠣᠯ ᠢ ᠵᠠᠰᠠᠬᠤ ᠮᠦᠴᠢᠳ ᠰᠠᠨᠠᠭᠤᠯᠭ᠎ᠠ》; ᠰᠢᠨᠵᠢᠯᠡᠯ |
Abstract |
ᠶᠤᠤ ᠰᠢ ᠭᠤᠸᠠᠩ ᠪᠤᠯ ᠴᠢᠩ ᠤᠯᠤᠯᠰ ᠤᠨ ᠰᠡᠭᠦᠯᠴᠢ ᠦᠶ ᠡ᠂ ᠢᠷᠭᠡᠨ ᠤᠯᠤᠰ ᠤᠨ ᠡᠬᠢᠨ ᠦᠶ ᠠ ᠳᠤ ᠠᠯᠪᠠᠨ ᠲᠤᠰᠢᠶᠠᠯ ᠬᠠᠭᠠᠵᠤ ᠪᠠᠢ᠌ᠭᠰᠠᠨ ᠨᠢᠭᠡᠨ ᠲᠦᠰᠢᠮᠡᠯ ᠪᠤᠯᠤᠨ᠎ᠠ᠃ ᠬᠤᠷᠢᠳᠤᠭᠠᠷ ᠵᠠᠭᠤᠨ ᠦ ᠡᠬᠢᠨ ᠳᠤ ᠂ ᠳᠡᠷᠡ ᠨᠢ ᠥᠪᠥᠷ ᠮᠣᠩᠭᠣᠯ ᠤᠨ ᠵᠡᠭᠦᠨ ᠭᠡᠰᠡᠭ ᠤᠨ ᠤᠯᠠᠨ ᠬᠤᠰᠢᠭᠤᠳ ᠲᠤ ᠬᠤᠶᠠᠷ ᠤᠳᠠᠭ᠎ᠠ ᠪᠠᠢ᠌ᠴᠠᠭᠠᠯᠲᠠ ᠬᠢᠭ᠍ᠰᠡᠨ ᠦ ᠳᠠᠷᠠᠭ᠎ᠠ᠂《ᠮᠣᠩᠭᠣᠯ ᠢ ᠵᠠᠰᠠᠬᠤ ᠮᠦᠴᠢᠳ ᠰᠠᠨᠠᠭᠤᠯᠭ᠎ᠠ》 ᠬᠡᠮᠡᠬᠦ ᠮᠡᠳᠡᠭᠦᠯᠦᠯᠳᠡ ᠶᠢᠨ ᠪᠢᠴᠢᠭ᠌ ᠢ ᠴᠢᠩ ᠤᠯᠤᠯᠰ ᠤᠨ ᠵᠠᠰᠠᠭ ᠤᠨ ᠭᠠᠵᠠᠷ ᠤᠨ ᠴᠡᠷᠢᠭ ᠪᠤᠯᠪᠠᠰᠤᠷᠠᠭᠤᠯᠬᠤ ᠭᠠᠵᠠᠷ ᠳᠡᠪᠰᠢᠭᠦᠯᠵᠡᠢ᠃ ᠡᠨᠡ ᠬᠦ ᠪᠢᠴᠢᠭ᠌ ᠲᠤ ᠢᠯᠡᠷᠡᠭᠰᠡᠨ ᠦᠵᠡᠯ ᠵᠤᠷᠢᠯᠳᠡ ᠨᠢ ᠭᠠᠭᠴᠠ ᠶᠤᠤ ᠰᠢ ᠭᠤᠸᠠᠩ ᠤᠨ ᠬᠤᠪᠢ ᠪᠡᠶ ᠡ ᠶᠢᠨ ᠦᠵᠡᠯᠳᠡ ᠵᠤᠷᠢᠯᠳᠡ ᠳᠡᠳᠦᠢ ᠯᠡ ᠪᠢᠰᠢ᠂ ᠬᠠᠷᠢᠨ ᠴᠢᠩ ᠤᠯᠤᠰ ᠤᠨ ᠰᠣᠭᠦᠯᠴᠢ ᠦᠶ ᠠ ᠶᠢᠨ ᠨᠢᠭᠡ ᠪᠦᠯᠦᠭ ᠮᠠᠨᠵᠦ ᠬᠢᠲᠠᠳ ᠲᠦᠰᠢᠮᠡᠳ ᠡᠴᠡ ᠮᠣᠩᠭ᠋ᠣᠯᠴᠤᠳ ᠢ ᠬᠡᠷᠬᠢᠨ ᠦᠵᠡᠵᠦ ᠳᠠᠨᠢᠵᠤ ᠪᠠᠢ᠌ᠭᠰᠠᠨ ᠵᠢᠴᠢ ᠮᠣᠩᠭᠣᠯ ᠭᠠᠵᠠᠷ ᠢ ᠶᠠᠭᠠᠬᠢᠵᠦ ᠡᠷᠬᠡᠰᠢᠶᠡᠨ ᠵᠠᠬᠢᠷᠬᠤ ᠪᠠ ᠨᠡᠭᠡᠭᠡᠨ ᠠᠰᠢᠭᠯᠠᠬᠤ ᠳᠤ ᠤᠯᠠᠷᠢᠨ ᠰᠢ᠌ᠳᠴᠦ ᠪᠠᠢ᠌ᠭᠰᠠᠨ ᠢ ᠲᠦᠪᠯᠡᠷᠡᠩᠭᠦᠢ ᠪᠡᠷ ᠲᠤᠰᠬᠠᠵᠤ ᠬᠠᠷᠠᠭᠤᠯᠤᠭᠰᠠᠨ ᠶᠤᠮ᠃ ᠳᠡᠰ ᠦᠭᠦᠯᠡᠯ ᠳᠤ᠂ ᠶᠤᠤ ᠰᠢ ᠭᠤᠸᠠᠩ ᠤᠨ ᠭᠠᠷᠤᠯ ᠢᠷᠡᠯ ᠢ ᠲᠦᠭᠦᠮ ᠶᠢᠨᠷ ᠳᠠᠨᠢᠯᠴᠠᠭᠤᠯᠵᠤ᠂ ᠵᠠᠯᠭᠠᠭᠠᠳ ᠳᠡᠭᠦᠨ ᠦ 《ᠮᠣᠩᠭᠣᠯ ᠢ ᠵᠠᠰᠠᠬᠤ ᠮᠦᠴᠢᠳ ᠰᠠᠨᠠᠭᠤᠯᠭ᠎ᠠ》ᠶ᠋ᠢᠨ ᠭᠤᠤᠯ ᠠᠭᠤᠯᠭ᠎ᠠ ᠶᠢ ᠬᠤᠷᠢᠶᠠᠩᠭ᠋ᠤᠢ᠌ᠯᠠᠨ ᠦᠭᠦᠯᠡᠭᠦ ᠪᠤᠯᠤᠨ᠎ᠠ᠃ |
Original Literature |
View Original Paper
|
出自 |
内蒙古大学学报
2004年
第4期
|