Title |
ᠮᠤᠩᠭ᠋ᠤᠯ《 ᠭᠡᠰᠡᠷ ᠤᠨ ᠲᠤᠭᠤᠵᠢ》 ᠳ᠋ᠡᠬᠢ ᠬᠡᠰᠡᠷ ᠤᠨ ᠲᠦᠷᠢ ᠶᠢᠨ ᠡᠷᠡᠮᠳᠡᠭ ᠰᠢᠨᠵᠢ ᠶᠢᠨ ᠲᠤᠬᠠᠢ |
Creator |
ᠤᠶᠠᠬᠠᠨ |
Keyword |
《 ᠭᠡᠰᠡᠷ ᠤᠨ ᠲᠤᠭᠤᠵᠢ》; ᠡᠷᠡᠮᠳᠡᠭ ᠰᠢᠨᠵᠢ; ᠵᠠᠩ ᠴᠢᠨᠠᠷ |
Abstract |
ᠲᠤᠤᠯᠢ ᠪᠤᠯ ᠤᠷᠠᠨ ᠵᠤᠬᠢᠶᠠᠯ ᠤᠨ ᠲᠡᠤᠭᠡᠨ ᠴᠠᠭ ᠦᠶ᠎ᠡ ᠵᠢ ᠵᠠᠭᠠᠭᠯᠠᠭᠰᠠᠨ ᠰᠤᠩᠭ᠋ᠤᠳᠠᠭ ᠤᠷᠠᠨ ᠵᠤᠬᠢᠶᠠᠯ ᠪᠤᠯᠤᠭᠰᠠᠠ ᠤ ᠬᠤᠪᠢ ᠳᠤ ᠲᠦᠷᠢ ᠪᠦᠳᠤᠭᠡᠯᠭᠡ ᠶᠢᠨ ᠲᠠᠯ᠎ᠠ ᠪᠡᠷ ᠨᠠᠷᠢᠨ ᠪᠤᠳᠤᠯᠢᠶᠠᠨᠳᠡᠡᠢ᠂ ᠤᠯᠠᠨ ᠲᠠᠯᠠᠳᠤ ᠰᠢᠨᠵᠢ ᠲᠠᠢ ᠪᠤᠯᠤᠭᠰᠠᠨ ᠪᠠᠢ᠋ᠨ᠎ᠠ᠃ ᠮᠤᠩᠭ᠋ᠤᠯ《 ᠭᠡᠰᠡᠷ ᠤᠨ ᠲᠤᠭᠤᠵᠢ》 ᠵᠢ ᠠᠵᠢᠭᠯᠠᠵᠦ ᠦᠵᠡᠪᠡᠯ᠂ ᠬᠡᠰᠡᠷ ᠪᠠᠭᠠᠳᠤᠷ ᠪᠤᠯ ᠲᠤᠰ ᠲᠤᠤᠯᠢ ᠶᠢᠨ ᠭᠤᠤᠯ ᠪᠠᠭᠠᠳᠤᠷ ᠪᠠᠢ᠋ᠵᠦ᠂ ᠲᠡᠬᠦᠨ ᠤ ᠲᠤᠤᠯᠢ ᠳᠡᠬᠢ ᠲᠦᠷᠢ ᠶᠢᠨ ᠶᠡᠷᠤᠩᠬᠡᠢ ᠰᠢᠨᠵᠢ ᠲᠦᠯᠦᠪ ᠪᠤᠯ ᠰᠦᠷ ᠬᠦᠴᠦ ᠲᠠᠢ᠂ ᠮᠡᠷᠭᠡᠨ ᠤᠬᠠᠭᠠᠨ ᠬᠤᠤᠰᠯᠠᠭᠰᠠᠨ ᠰᠠᠬᠢᠭᠤᠯᠰᠤᠯᠢᠭ ᠬᠤᠪᠢᠯᠭᠠᠨ ᠲᠦᠷᠢ ᠶᠢᠨ ᠰᠢᠨᠵᠢ ᠲᠠᠢ ᠪᠠᠢ᠋ᠵᠦ᠂ ᠠᠯᠢᠪᠠ ᠬᠦᠴᠢᠷ ᠵᠤᠪᠠᠯᠠᠩ ᠢ ᠢᠯᠡᠨ ᠲᠠᠪᠠᠵᠦ᠂ ᠠᠷᠠᠳ ᠲᠦᠮᠡᠨ ᠶᠢᠡᠨ ᠠᠮᠤᠷᠵᠢᠭᠤᠯᠤᠨ ᠠᠮᠢᠳᠤᠷᠠᠭᠤᠯᠵᠦ ᠴᠢᠳᠠᠳᠠᠭ ᠠᠭᠤᠤ ᠡᠵᠡᠨ ᠪᠤᠯᠤᠨ᠎ᠠ᠃ ᠡᠬᠦᠨ ᠳ᠋ᠡᠬᠢ ᠲᠦᠷᠢ ᠨᠤᠬᠦᠳ ᠨᠢ ᠲᠠᠩ ᠴᠤᠯᠭᠤᠢ᠂ ᠰᠠᠢ᠋ᠨ ᠪᠤᠯ ᠰᠠᠢ᠋ᠨ᠂ ᠮᠠᠭᠤ ᠪᠤᠯ ᠮᠠᠭᠤ ᠦᠬᠦᠮᠡᠯ ᠰᠢᠨᠵᠢ ᠲᠠᠢ ᠪᠢᠰᠢ᠂ ᠬᠠᠷᠢᠨ ᠬᠦᠳᠡᠯᠭᠡᠭᠡᠳᠤ ᠤᠯᠠᠨ ᠰᠢᠨᠵᠢ ᠲᠠᠢ ᠪᠤᠯᠤᠭᠰᠠᠨ ᠪᠠᠢ᠋ᠨ᠎ᠠ᠃ ᠤᠷᠠᠨ ᠵᠤᠬᠢᠶᠠᠯ ᠠᠮᠢᠳᠤᠷᠠᠯ ᠳᠤ ᠰᠠᠭᠤᠷᠢᠯᠠᠳᠠᠭ ᠡᠴᠨ ᠵᠢᠩᠬᠢᠨᠢ ᠦᠨ᠎ᠡ ᠦᠷᠳᠡᠭ ᠲᠠᠢ ᠤᠷᠠᠨ ᠵᠤᠬᠢᠶᠠᠯ ᠨᠢ ᠠᠮᠢᠳᠤᠷᠠᠯ ᠢ ᠦᠨᠡᠨ ᠮᠦᠨ ᠶᠢᠡᠷ ᠬᠠᠷᠭᠤᠭᠤᠯᠵᠦ᠂ ᠤᠷᠠᠯᠢᠭ᠂ ᠤᠷᠠᠨ ᠵᠤᠬᠢᠶᠠᠯ ᠳ᠋ᠡᠬᠢ ᠲᠦᠷᠢ ᠨᠢ ᠪᠠᠰᠠ ᠲᠡᠬᠦᠰ ᠴᠢᠨᠡᠷ ᠲᠠᠢ ᠪᠠᠢ᠋ᠵᠦ ᠴᠢᠳᠠᠬᠤ ᠦᠬᠡᠢ᠃ ᠲᠤᠰ ᠦᠬᠦᠯᠡᠯ ᠳᠤ ᠮᠤᠩᠭ᠋ᠤᠯ 《ᠬᠡᠰᠡᠷ ᠤᠨ ᠲᠤᠭᠤᠵᠢ》 ᠳ᠋ᠡᠬᠢ ᠭᠡᠰᠡᠷ ᠪᠠᠭᠠᠳᠤᠷ ᠤᠨ ᠲᠦᠷᠢ ᠡᠷᠡᠮᠳᠡᠭ ᠰᠢᠨᠵᠢ ᠵᠢ ᠵᠠᠳᠠᠯᠵᠤ᠂ ᠲᠤᠤᠯᠢ ᠳᠤ ᠦᠵᠡᠬᠦᠯᠦᠭᠰᠡᠨ ᠦᠢᠯᠡᠳᠤᠯ ᠢ ᠰᠢᠨᠵᠢᠯᠡᠬᠦ ᠪᠤᠯᠤᠨ᠎ᠠ᠃ |
Original Literature |
View Original Paper
|
出自 |
赤峰学院学报(蒙文哲学社会科学版)
2017年
第3期
|