Title |
ᠰᠢᠨ᠎ᠡ ᠡᠷᠢᠨ ᠤ ᠬᠤᠷᠴᠢᠨ ᠤᠳᠬ᠎ᠠ ᠵᠤᠬᠢᠶᠠᠯ ᠤᠨ ᠰᠢᠭᠦᠮᠵᠢ ᠳᠤ ᠤᠷᠤᠰᠢᠵᠤ ᠪᠠᠢ᠌ᠢᠭᠠ ᠠᠰᠠᠭᠤᠳᠠᠯ ᠤᠨ ᠲᠤᠬᠠᠢ |
Creator |
ᠲᠤᠶᠠᠭ᠎ᠠ |
Keyword |
ᠰᠢᠨ᠎ᠡ ᠡᠷᠢᠨ; ᠬᠤᠷᠴᠢᠨ ᠤᠳᠬ᠎ᠠ ᠵᠤᠬᠢᠶᠠᠯ; ᠰᠢᠭᠦᠮᠵᠢ |
Abstract |
ᠰᠢᠨ᠎ᠡ ᠡᠷᠢᠨ ᠳᠤ ᠤᠷᠤᠵᠤ ᠢᠷᠡᠭᠡᠳ ᠬᠤᠷᠴᠢᠨ ᠤᠳᠬ᠎ᠠ ᠵᠤᠬᠢᠶᠠᠯ ᠤᠨ ᠵᠤᠬᠢᠶᠠᠨ ᠪᠦᠳᠦᠭᠡᠯᠭᠡ ᠶᠢᠨ ᠦᠢᠯᠡᠳᠦᠯᠭᠡ ᠶᠢ ᠤᠷᠤᠨ ᠨᠤᠳᠤᠭ ᠤᠨ ᠦᠨᠤᠷ ᠠᠮᠳᠠ᠂ ᠬᠡᠪ ᠨᠠᠮᠪᠠ ᠵᠡᠷᠭᠡ ᠬᠠᠷᠠᠭᠠᠰᠤ ᠴᠡᠭ ᠡᠴᠡ ᠬᠠᠢ᠌ᠨ ᠰᠦᠪᠡᠭ᠍ᠴᠢᠯᠡᠵᠦ᠂ ᠬᠤᠷᠴᠢᠨ ᠤᠳᠬ᠎ᠠ ᠵᠤᠬᠢᠶᠠᠯ ᠤᠨ ᠬᠦᠭ᠍ᠵᠢᠯ ᠤᠨ ᠦᠢᠯᠡᠰ ᠲᠤ ᠬᠤᠪᠢ ᠨᠡᠮᠡᠷᠢ ᠪᠠᠨ ᠦᠵᠡᠭᠦᠯᠦᠭᠰᠡᠨ ᠤᠨᠤᠯ ᠰᠢᠭᠦᠮᠵᠢᠯᠡᠭᠴᠢᠳ ᠴᠤᠯᠭᠤᠷᠠᠨ ᠭᠠᠷᠴᠠᠢ᠃ ᠲᠡᠳᠡᠨ ᠤ ᠰᠤᠳᠤᠯᠤᠯ ᠰᠢᠭᠦᠮᠵᠢ ᠨᠢ ᠬᠤᠷᠴᠢᠨ ᠤ ᠵᠤᠬᠢᠶᠠᠯᠴᠢ᠂ ᠵᠤᠬᠢᠶᠠᠯ ᠪᠦᠳᠦᠭᠡᠯ ᠤᠨ ᠲᠤᠬᠠᠢ ᠦᠨᠡᠯᠡᠯ ᠰᠢᠭᠦᠮᠵᠢᠯᠡᠯ ᠡᠴᠡ ᠬᠤᠷᠴᠢᠨ ᠤᠳᠬ᠎ᠠ ᠵᠤᠬᠢᠶᠠᠯ ᠤᠨ ᠬᠤᠷᠸᠠᠴᠢ ᠰᠤᠳᠤᠯᠭᠠᠨ ᠳᠤ ᠬᠦᠷᠴᠦ ᠮᠡᠳᠡᠭᠳᠡᠮ᠎ᠡ ᠠᠮᠵᠢᠯᠳᠠ ᠤᠯᠤᠭᠰᠠᠨ ᠶᠤᠮ᠃ ᠭᠡᠶ᠎ᠡ ᠬᠤᠷᠴᠢᠨ ᠤᠳᠬ᠎ᠠ ᠵᠤᠬᠢᠶᠠᠯ ᠤᠨ ᠰᠤᠳᠤᠯᠤᠯ ᠰᠢᠭᠦᠮᠵᠢ ᠶᠢᠨ ᠰᠤᠳᠤᠯᠭᠠᠨ ᠰᠢᠰᠲ᠋ᠸᠮ ᠲᠠᠢ ᠶᠠᠪᠤᠭᠳᠠᠭ᠎ᠠ ᠦᠭᠡᠢ ᠪᠠᠢ᠌ᠨ᠎ᠠ᠃ ᠡᠨᠡ ᠪᠠᠢ᠌ᠳᠠᠯ ᠢ ᠡᠮᠬᠢᠳᠭᠡᠨ ᠲᠢᠭ᠍ᠯᠡᠵᠦ᠂ ᠰᠢᠭᠦᠮᠵᠢ ᠪᠢᠴᠢᠯᠭᠡ ᠶᠢᠨ ᠬᠡᠪᠰᠢᠮᠡᠯ ᠵᠤᠷᠰᠢᠯ ᠳᠤ ᠬᠢ ᠪᠠᠷᠢᠭᠳᠠᠯ᠂ ᠰᠢᠭᠦᠮᠵᠢᠯᠡᠭᠴᠢ ᠶᠢᠨ ᠰᠢᠭᠦᠮᠵᠢᠯᠡᠬᠦ ᠤᠪᠤᠷ ᠰᠤᠷᠳᠠᠯ ᠤᠨ ᠨᠠᠵᠠᠭᠠᠢ᠌ᠷᠠᠯ ᠭᠡᠬᠦ ᠬᠤᠶᠠᠷ ᠲᠠᠯ᠎ᠠ ᠡᠴᠡ ᠦᠭᠦᠯᠡᠵᠡᠢ᠃ |
Original Literature |
View Original Paper
|
出自 |
内蒙古民族大学学报(社会科学)
2015年
第2期
|