Paper Information


Title ᠮᠣᠩᠭᠤᠯᠴᠤᠳ ᠤᠨ ᠭᠠᠯ ᠣᠷᠤᠰᠢᠭᠤᠯᠭ᠎ᠠ ᠶᠢ ᠰᠢᠨᠵᠢᠯᠡᠬᠦ ᠨᠢ
Creator ᠵᠠᠩ ᠯᠢ ᠬᠤᠸᠠ
Keyword ᠮᠣᠩᠭᠤᠯᠴᠤᠳ; ᠭᠠᠯ ᠣᠷᠤᠰᠢᠭᠤᠯᠭ᠎ᠠ; ᠭᠠᠯ ᠰᠢᠲᠦᠯᠭᠡ; ᠭᠡᠬᠦᠷ
Abstract ᠮᠣᠩᠭᠤᠯᠴᠤᠳ ᠤᠨ ᠣᠷᠤᠰᠢᠭᠤᠯᠭ᠎ᠠ ᠶᠢᠨ ᠦᠨᠳᠦᠰᠦᠨ ᠬᠡᠯᠪᠡᠷᠢ ᠶᠢᠨ ᠨᠢᠭᠡ ᠪᠤᠯᠬᠤ ᠭᠠᠯ ᠣᠷᠤᠰᠢᠭᠤᠯᠭ᠎ᠠ ᠶᠢ ᠭᠠᠯ ᠢᠶᠠᠷ ᠳᠡᠭᠳᠡᠭᠡᠬᠦ᠂ ᠣᠩᠭᠤᠯᠠᠵᠤ ᠬᠠᠢᠯᠤᠭᠤᠯᠬᠤ᠂ ᠵᠢᠩᠰᠡᠷᠡᠭ ᠴᠢᠳᠬᠤᠬᠤ ᠭᠡᠬᠦ ᠭᠤᠷᠪᠠᠨ ᠲᠦᠷᠦᠯ ᠳᠦ ᠲᠦᠷᠦᠯᠵᠢᠭᠦᠯᠪᠡ᠃ ᠭᠠᠯ ᠢᠶᠠᠷ ᠳᠡᠭᠳᠡᠭᠡᠬᠦ ᠵᠠᠩᠰᠢᠯ ᠶᠤᠸᠠᠨ ᠤᠯᠤᠰ ᠤᠨ ᠦᠶ᠎ᠡ ᠳᠦ ᠨᠢᠭᠡᠨᠲᠡ ᠳᠡᠯᠭᠡᠷᠡᠭᠰᠡᠨ ᠪᠦᠭᠡᠳ ᠭᠤᠤᠯᠳᠠᠭᠤ ᠬᠡᠪ ᠦᠨ ᠪᠤᠰᠤ ᠪᠠᠷ ᠦᠬᠦᠭᠰᠡᠨ ᠬᠦᠮᠦᠰ ᠢ ᠣᠷᠤᠰᠢᠭᠤᠯᠬᠤ ᠳᠤ ᠬᠡᠷᠡᠭᠯᠡᠭᠳᠡᠵᠦ ᠪᠠᠢᠪᠠ᠃ ᠣᠩᠭᠤᠯᠠᠵᠤ ᠬᠠᠢᠯᠠᠭᠤᠯᠬᠤ ᠨᠢ 16 ᠳᠤᠭᠠᠷ ᠵᠠᠭᠤᠨ ᠤ ᠰᠡᠭᠦᠯᠴᠢ ᠪᠡᠷ ᠪᠦᠷᠢᠯᠳᠦᠭᠰᠡᠨ ᠪᠦᠭᠡᠳ ᠶᠡᠬᠡᠰ ᠡᠷᠬᠢᠮ ᠦᠨ ᠪᠡᠯᠭᠡᠳᠡᠯ ᠬᠡᠯᠪᠡᠷᠢ ᠪᠤᠯᠵᠤ ᠪᠠᠢᠭᠰᠠᠨ ᠶᠤᠮ᠃ ᠯᠠᠮᠠ ᠬᠦᠮᠦᠨ ᠢ ᠵᠢᠩᠰᠡᠷᠡᠭ ᠴᠢᠳᠬᠤᠵᠤ ᠬᠠᠢᠯᠤᠭᠤᠯᠳᠠᠭ ᠪᠤᠯᠪᠠᠴᠤ ᠡᠭᠡᠯ ᠬᠦᠮᠦᠨ ᠦ ᠰᠦᠨᠡᠰᠦ᠂ ᠣᠷᠤᠯᠠᠩ ᠪᠤᠰᠬᠤ ᠠᠴᠠ ᠰᠡᠷᠭᠡᠢᠯᠡᠵᠦ ᠵᠢᠩᠰᠡᠷᠡᠭ ᠴᠢᠳᠬᠤᠬᠤ ᠴᠤ ᠪᠤᠢ᠃ ᠡᠳᠡᠭᠡᠷ ᠪᠠᠢᠳᠠᠯ ᠳᠤ ᠪᠤᠳᠠᠲᠠᠢ ᠵᠠᠳᠠᠯᠤᠯᠲᠠ ᠬᠢᠵᠦ᠂ ᠲᠡᠳᠡᠭᠡᠷ ᠦᠨ ᠡᠭᠦᠰᠦᠯ ᠦᠨ ᠰᠢᠯᠲᠠᠭᠠᠨ᠂ ᠬᠦᠭᠵᠢᠯ ᠬᠤᠪᠢᠷᠠᠯ ᠤᠨ ᠪᠠᠢᠳᠠᠯ ᠢ ᠲᠤᠳᠤᠷᠬᠠᠢᠯᠠᠵᠤ᠂ ᠭᠠᠯ ᠣᠷᠤᠰᠢᠭᠤᠯᠭ᠎ᠠ ᠳᠤ ᠢᠯᠡᠷᠡᠭᠰᠡᠨ ᠮᠣᠩᠭᠤᠯᠴᠤᠳ ᠤᠨ ᠭᠠᠯ ᠰᠢᠲᠦᠯᠭᠡ ᠶᠢᠨ ᠲᠤᠬᠠᠢ ᠰᠤᠶᠤᠯ ᠰᠡᠳᠬᠢᠴᠡ ᠶᠢ ᠰᠢᠨᠵᠢᠯᠡᠪᠡ᠃
Original Literature View Original Paper
出自 中国蒙古学 2015年 第2期

联系我们


内蒙古大学图书馆
呼和浩特市大学西路235号
中国·内蒙古
P: (0471) 4992561
E: huangfeilong@imu.edu.cn