Paper Information


Title 《ᠰᠡᠳᠡᠷᠵᠠᠪ ᠤᠨ ᠲᠤᠭᠤᠵᠢ》 ᠳᠤ ᠬᠤᠯᠪᠤᠭᠳᠠᠬᠤ ᠲᠧᠺᠰᠲ ᠦᠨ ᠬᠠᠷᠢᠴᠠᠭᠤᠯᠤᠭᠰᠠᠨ ᠰᠢᠨᠵᠢᠯᠡᠯ
Creator ᠪᠤᠯᠤᠷ
Keyword ᠣᠢᠷᠠᠳ ᠤᠨ ᠤᠷᠠᠨ ᠵᠤᠬᠢᠶᠠᠯ; 《ᠰᠡᠳᠡᠷᠵᠠᠪ ᠤᠨ ᠲᠤᠭᠤᠵᠢ》; ᠠᠳᠠᠯᠢ ᠪᠤᠰᠤ ᠲᠧᠺᠰᠲ
Abstract ᠦᠩᠭᠡᠷᠡᠭᠰᠡᠨ ᠦ 《ᠰᠡᠳᠡᠷᠵᠠᠪ ᠤᠨ ᠲᠤᠭᠤᠵᠢ》 ᠶᠢᠨ ᠰᠤᠳᠤᠯᠭᠠᠨ ᠨᠢ ᠭᠤᠤᠯᠳᠠᠭᠤ ᠭᠠᠭᠴᠠ ᠲᠧᠺᠰᠲ ᠲᠤ ᠰᠠᠭᠤᠷᠢᠯᠠᠭᠰᠠᠨ ᠮᠦᠷᠲᠡᠭᠡᠨ ᠪᠤᠰᠤᠳ ᠲᠧᠺᠰᠲ ᠦᠨ ᠰᠤᠳᠤᠯᠤᠯ ᠢ ᠤᠮᠳᠤᠭᠠᠢᠯᠠᠭᠰᠠᠨ ᠪᠠᠢᠳᠠᠯ ᠲᠠᠢ᠃ 《ᠰᠡᠳᠡᠷᠵᠠᠪ ᠤᠨ ᠲᠤᠭᠤᠵᠢ》 ᠶᠢᠨ ᠠᠳᠠᠯᠢ ᠪᠤᠰᠤ ᠭᠤᠷᠪᠠᠨ ᠲᠧᠺᠰᠲ ᠢ ᠬᠤᠭᠤᠷᠤᠨᠳᠤ ᠨᠢ ᠦᠢᠯᠡ ᠶᠠᠪᠤᠳᠠᠯ᠂ ᠳᠦᠷᠢ᠂ ᠬᠡᠯᠡ ᠬᠡᠯᠡᠯᠭᠡ ᠭᠡᠬᠦ ᠭᠤᠷᠪᠠᠨ ᠲᠠᠯ᠎ᠠ ᠠᠴᠠ ᠬᠠᠷᠢᠴᠠᠭᠤᠯᠤᠨ ᠰᠢᠨᠵᠢᠯᠡᠬᠦ ᠳᠦ ᠭᠤᠷᠪᠠᠨ ᠲᠧᠺᠰᠲ ᠨᠢ ᠠᠳᠠᠯᠢ ᠬᠠᠨ ᠲᠡᠦᠬᠡᠨ ᠬᠡᠷᠡᠭ ᠢ ᠳᠤᠰᠬᠠᠭᠰᠠᠨ ᠨᠢᠭᠡᠨ ᠪᠦᠲᠦᠭᠡᠯ ᠦᠨ ᠠᠳᠠᠯᠢ ᠪᠤᠰᠤ ᠬᠤᠪᠢᠯᠪᠤᠷᠢ ᠪᠤᠰᠤ᠂ ᠬᠠᠷᠢᠨ ᠲᠧᠺᠰᠲ ᠪᠦᠷᠢ ᠨᠢ ᠦᠪᠡᠷᠮᠢᠴᠡ ᠣᠨᠴᠠᠯᠢᠭ ᠪᠦᠬᠦᠢ ᠪᠡᠶ᠎ᠡ ᠪᠡᠨ ᠳᠠᠭᠠᠭᠠᠭᠰᠠᠨ ᠪᠦᠲᠦᠭᠡᠯ ᠮᠦᠨ᠃ ᠡᠢᠮᠦ ᠡᠴᠡ ᠡᠷᠳᠡᠮ ᠰᠢᠨᠵᠢᠯᠡᠭᠡᠨ ᠦ ᠬᠤᠪᠢ ᠳᠤ᠂ ᠡᠳᠡᠭᠡᠷ ᠦᠨ ᠳᠤᠲᠤᠷᠠᠬᠢ ᠶᠠᠮᠠᠷ ᠨᠢᠭᠡᠨ ᠲᠧᠺᠰᠲ ᠢᠶᠡᠷ ᠨᠢ ᠪᠤᠰᠤᠳ ᠲᠧᠺᠰᠲ ᠤᠳ ᠢ ᠤᠷᠤᠯᠠᠭᠤᠯᠬᠤ ᠨᠢ ᠵᠦ ᠳᠦ ᠨᠡᠢᠴᠡᠬᠦ ᠦᠭᠡᠢ ᠶᠠᠪᠤᠳᠠᠯ ᠪᠤᠯᠤᠨ᠎ᠠ᠃
Original Literature View Original Paper
出自 中国蒙古学 2015年 第4期

联系我们


内蒙古大学图书馆
呼和浩特市大学西路235号
中国·内蒙古
P: (0471) 4992561
E: huangfeilong@imu.edu.cn