Paper Information


Title ᠲᠠᠢ ᠦᠨ ᠲᠦᠷᠦ ᠶᠢᠨ ᠮᠦᠨ ᠴᠢᠨᠠᠷ ᠬᠢᠭᠡᠳ ᠬᠤᠪᠢᠯᠠᠢ ᠬᠠᠭᠠᠨ ᠤ ᠪᠡᠶᠡᠯᠡᠭᠦᠯᠦᠭᠰᠡᠨ ᠶᠡᠬᠡ ᠨᠢᠭᠡᠳᠦᠯ ᠤᠨ ᠠᠴᠢ ᠬᠤᠯᠪᠤᠭᠳᠠᠯ ᠤᠨ ᠲᠣᠬᠠᠢ
Creator ᠳ᠋ᠠᠮᠪᠠ
Keyword ᠲᠠᠢ ᠦᠨ ᠲᠦᠷᠦ ᠶᠢᠨ ᠮᠦᠨ ᠴᠢᠨᠠᠷ; ᠬᠤᠪᠢᠯᠠᠢ ᠰᠡᠴᠡᠨ ᠬᠠᠭᠠᠨ; ᠶᠡᠬᠡ ᠨᠢᠭᠡᠳᠦᠯ; ᠠᠴᠢ ᠬᠤᠯᠪᠤᠭᠳᠠᠯ
Abstract ᠦᠭᠦᠯᠡᠯ ᠳ᠋ᠤ ᠵᠣᠬᠢᠶᠠᠭᠴᠢ ᠡᠴᠡ ᠲᠠᠢ ᠦᠨ ᠲᠦᠷᠦ ᠶᠢᠨ ᠪᠣᠳᠠᠳᠠᠢ ᠪᠠᠢᠳᠠᠯ ᠳ᠋ᠤ ᠰᠠᠭᠤᠷᠢᠯᠠᠨ᠂ ᠦᠯᠡᠮᠵᠢ ᠤᠯᠠᠨ ᠲᠡᠦᠬᠡᠨ ᠮᠠᠲ᠋ᠧᠷᠢᠶᠠᠯ ᠢ ᠠᠰᠢᠭᠯᠠᠵᠤ᠂ ᠬᠢᠳᠡᠳ ᠬᠠᠤᠯᠢ ᠠᠪᠴᠦ ᠭᠡᠷᠡᠭᠯᠡᠭᠰᠡᠨ ᠪᠠ ᠦᠨᠳᠦᠰᠦᠲᠡᠨ ᠢ ᠲᠠᠷᠤᠯᠠᠬᠤ ᠲᠦᠷᠦ ᠶᠢᠨ ᠪᠣᠳᠤᠯᠭ᠎ᠠ ᠬᠡᠷᠡᠭᠵᠢᠬᠦᠯᠦᠭᠰᠡᠨ ᠨᠢ ᠮᠣᠩᠭᠤᠯ ᠢᠵᠠᠭᠤᠷᠲᠠᠨ ᠤ ᠨᠤᠶᠠᠷᠬᠠᠯ ᠢ ᠪᠠᠲᠤᠳᠬᠠᠬᠤ ᠤᠯᠤᠰ ᠲᠦᠷᠦ ᠶᠢᠨ ᠬᠤᠶᠠᠷ ᠶᠡᠬᠡ ᠬᠦᠰᠢᠭᠦᠷᠭᠡ ᠮᠦᠨ ᠭᠡᠳᠡᠭ ᠦᠵᠡᠯᠲᠡ ᠴᠡ ᠡᠭᠦᠰᠴᠦ ᠲᠠᠢ ᠦᠨ ᠲᠦᠷᠦ ᠵᠢ ᠪᠦᠬᠦᠢᠯᠡ ᠴᠣᠭᠴᠠ ᠡᠴᠡ ᠨᠢ᠂ ᠮᠦᠨ ᠴᠢᠨᠠᠷ ᠡᠴᠡ ᠨᠢ ᠤᠴᠢᠵᠤ ᠰᠢᠨᠵᠢᠯᠡᠪᠡ᠃ ᠲᠠᠢ ᠦᠨ ᠲᠦᠷᠦ ᠶᠢᠨ ᠪᠠᠢᠭᠤᠯᠤᠭᠳᠠᠭᠰᠠᠨ ᠶᠠᠪᠤᠳᠠᠯ ᠪᠣᠯ ᠶᠡᠬᠡ ᠨᠢᠭᠡᠳᠦᠯ ᠤᠨ ᠡᠬᠢᠯᠡᠯᠲᠡ ᠶᠢᠨ ᠲᠣᠬᠢᠶ ᠠ ᠪᠣᠯᠪᠠ᠃ ᠲᠦᠷᠦ ᠪᠠᠢᠭᠤᠯᠬᠤ ᠨᠢ ᠶᠡᠬᠡ ᠨᠢᠭᠡᠳᠦᠯ ᠤᠨ ᠰᠠᠭᠤᠷᠢ᠂ ᠶᠡᠬᠡ ᠨᠢᠭᠡᠳᠦᠯ ᠪᠡᠶᠡᠯᠡᠬᠦᠯᠬᠦ ᠨᠢ ᠲᠦᠷᠦ ᠶᠢᠨ ᠬᠦᠭᠵᠢᠯ ᠤᠨ ᠲᠡᠭᠡᠲᠦ ᠬᠡᠯᠪᠡᠷᠢ ᠪᠣᠶᠤ ᠪᠡᠯᠭᠡ ᠲᠡᠮᠳᠡᠭ ᠮᠦᠨ᠃ ᠲᠦᠷᠦ ᠪᠠᠢᠭᠤᠯᠤᠭᠰᠠᠨ ᠰᠠᠭᠤᠷᠢᠨ ᠳ᠋ᠤ ᠶᠡᠬᠡ ᠨᠢᠭᠡᠳᠦᠯ ᠪᠡᠶᠡᠯᠡᠬᠦᠯᠦᠭᠰᠡᠨ ᠨᠢ ᠮᠠᠨ ᠤ ᠤᠯᠤᠰ ᠤᠨ ᠲᠡᠦᠬᠡᠨ ᠬᠦᠭᠵᠢᠯ ᠳ᠋ᠤ ᠯᠤᠲᠤ ᠶᠡᠬᠡ ᠲᠡᠦᠬᠡ ᠶᠢᠨ ᠪᠠ ᠠᠬᠤᠢᠴᠢ ᠠᠴᠢ ᠬᠤᠯᠪᠤᠭᠳᠠᠯ ᠲᠠᠢ ᠶᠣᠮ ᠭᠡᠵᠦ ᠨᠣᠲᠠᠯᠠᠵᠢ᠃
Original Literature No Original Paper
出自 蒙古学研究 2000年 第3期

联系我们


内蒙古大学图书馆
呼和浩特市大学西路235号
中国·内蒙古
P: (0471) 4992561
E: huangfeilong@imu.edu.cn