Paper Information


Title 《ᠵᠠᠩᠭ᠋ᠠᠷ》 ᠤᠨ ᠪᠠᠷ ᠬᠡᠪᠯᠡᠯ ᠦᠨ ᠰᠢᠨ᠎ᠡ ᠲᠣᠷᠰᠢᠯᠭ᠎ᠠ ᠰᠤᠷᠭᠠᠮᠵᠢ -《ᠳᠤᠮᠳᠠᠳᠤ ᠤᠯᠤᠰ ᠤᠨ ᠵᠠᠩᠭ᠋ᠠᠷᠴᠢᠳ ᠤᠨ ᠬᠠᠢ᠌ᠯᠠᠭᠰᠠᠨ ᠵᠠᠩᠭ᠋ᠠᠷ ᠤᠨ ᠰᠤᠩᠭ᠋ᠤᠮᠠᠯ ᠳᠡᠪᠲᠡᠷ》 ᠤᠨ ᠵᠢᠱᠢᠶᠡᠨ ᠳᠡᠭᠡᠷ᠎ᠡ
Creator ᠳ • ᠳᠠᠶᠠ
Keyword 《ᠵᠠᠩᠭ᠋ᠠᠷ》;《ᠰᠤᠩᠭ᠋ᠤᠳᠠᠭ ᠳᠡᠪᠲᠡᠷ》; ᠪᠠᠷ ᠬᠡᠪᠯᠡᠯ; ᠲᠸᠺᠰᠲ
Abstract ᠠᠮᠠᠨ ᠪᠦᠲᠦᠭᠡᠯ ᠦᠨ ᠪᠠᠷ ᠬᠡᠪᠯᠡᠯ ᠦᠨ ᠠᠰᠠᠭᠤᠳᠠᠯ ᠪᠣᠯ ᠵᠠᠷᠢᠮ ᠮᠡᠷᠭᠡᠳ ᠦᠨ ᠶᠠᠷᠢᠳᠠᠭ ᠰᠢᠭ ᠬᠡᠪᠯᠡᠯ ᠦᠨ ᠬᠣᠷᠢᠶ᠎ᠠ ᠶᠢᠨ ᠡᠷᠬᠡ ᠮᠡᠳᠡᠯ᠂ ᠡᠭᠦᠷᠭᠡ ᠬᠠᠷᠢᠴᠠᠭᠤᠯᠭ᠎ᠠ ᠶᠢᠨ ᠠᠰᠠᠭᠤᠳᠠᠯ ᠪᠢᠰᠢ᠂ ᠬᠠᠷᠢᠨ ᠡᠷᠳᠡᠮ ᠰᠢᠨᠵᠢᠯᠡᠭᠡᠨ ᠦ ᠠᠰᠠᠭᠤᠳᠠᠯ ᠮᠦᠨ᠃ ᠣᠳᠣᠬᠠᠨ ᠳᠤ ᠤᠯᠤᠰ ᠤᠨ ᠳᠣᠲᠤᠭᠠᠳᠤ ᠭᠠᠳᠠᠭᠠᠳᠤ ᠳᠤ ᠠᠮᠠᠨ ᠪᠦᠲᠦᠭᠡᠯ ᠦᠨ ᠤᠷᠠᠨ ᠵᠣᠬᠢᠶᠠᠯ ᠤᠨ ᠣᠩᠰᠢᠯᠭ᠎ᠠ ᠶᠢᠨ ᠪᠠᠷ ᠬᠡᠪᠯᠡᠯ ᠦᠨ ᠲᠤᠬᠠᠢ ᠣᠯᠠᠨ ᠵᠦᠢᠯ ᠦᠨ ᠪᠠᠷᠢᠮᠵᠢᠶ᠎ᠠ ᠵᠠᠭᠪᠤᠷ ᠪᠠᠢ᠌ᠬᠤ ᠪᠣᠯᠪᠠᠴᠣ ᠡᠷᠳᠡᠮ ᠰᠢᠨᠵᠢᠯᠡᠭᠡᠨ ᠦ ᠪᠠᠷ ᠬᠡᠪᠯᠡᠯ ᠦᠨ ᠲᠤᠬᠠᠢ ᠪᠠᠷᠢᠮᠵᠢᠶ᠎ᠡ ᠵᠠᠭᠪᠤᠷ ᠬᠠᠷᠠᠭᠳᠠᠬᠤ ᠦᠭᠡᠢ᠃ ᠡᠢ᠌ᠮᠦ ᠡᠴᠡ ᠤᠯᠤᠰ ᠤᠨ ᠳᠣᠲᠤᠭᠠᠳᠤ ᠶᠢᠨ ᠬᠡᠰᠡᠭ ᠡᠷᠳᠡᠮᠲᠡᠳ ᠡᠴᠡ ᠣᠢ᠌ᠷ᠎ᠠ ᠶᠢᠨ ᠵᠢᠯ ᠳᠤ ᠠᠮᠠᠨ ᠪᠦᠲᠦᠭᠡᠯ ᠦᠨ ᠡᠷᠳᠡᠮ ᠰᠢᠨᠵᠢᠯᠡᠭᠡᠨ ᠦ ᠪᠠᠷ ᠬᠡᠪᠯᠡᠯ ᠦᠨ ᠨᠡᠷ᠎ᠡ ᠪᠠᠷ ᠣᠣᠯ ᠤᠨ ᠣᠷᠠᠨ ᠵᠣᠬᠢᠶᠠᠯ ᠤᠨ ᠣᠩᠰᠢᠯᠭ᠎ᠠ ᠶᠢᠨ ᠳᠡᠪᠲᠡᠷ ᠪᠡ ᠡᠷᠳᠡᠮ ᠰᠢᠨᠵᠢᠯᠡᠭᠡᠨ ᠦ ᠲᠸᠺᠰᠲ ᠤᠨ ᠵᠠᠪᠰᠠᠷ ᠤᠨ ᠰᠢᠨᠵᠢᠲᠦ ᠪᠡᠰᠡᠷᠡᠭ ᠬᠡᠪᠯᠡᠯ ᠪᠣᠶᠣ ᠡᠰᠡᠭᠦᠯ᠎ᠡ ᠦᠪᠡᠷ ᠦᠨ《ᠪᠠᠷᠢᠮᠵᠢᠶᠠᠲᠤ ᠬᠡᠪᠯᠡᠯ》 ᠢᠶᠡᠨ ᠦᠷᠭᠦᠯᠵᠢᠯᠡᠨ ᠬᠡᠪᠯᠡᠭᠦᠯᠵᠦ ᠪᠠᠢ᠌ᠬᠤ ᠪᠠᠢ᠌ᠳᠠᠯ ᠲᠠᠢ᠃ ᠦᠭᠡᠷ᠎ᠡ ᠪᠡᠷ ᠬᠡᠪᠯᠡᠯ᠂ ᠡᠷᠳᠡᠮ ᠰᠢᠨᠵᠢᠯᠡᠭᠡᠨ ᠦ ᠪᠠᠷ ᠬᠡᠪᠯᠡᠯ ᠦᠨ ᠴᠢᠬᠤᠯᠠ ᠴᠢᠨᠠᠷ ᠢ ᠣᠢ᠌ᠯᠭᠠᠭᠰᠠᠨ ᠪᠣᠯᠪᠠᠴᠣ ᠶᠠᠭᠠᠬᠢᠵᠤ ᠪᠠᠷᠯᠠᠵᠤ ᠬᠡᠪᠯᠡᠪᠡᠯ ᠰᠠᠶ‍ᠢ ᠡᠷᠳᠡᠮ ᠰᠢᠨᠵᠢᠯᠡᠭᠡᠨ ᠦ ᠪᠠᠷ ᠬᠡᠪᠯᠡᠯ ᠪᠣᠯᠬᠤ ᠪᠣᠢ? ᠭᠡᠬᠦ ᠠᠰᠠᠭᠤᠳᠠᠯ ᠳᠤ ᠳᠡᠮᠡᠢ ᠲᠣᠳᠤᠷᠬᠠᠢ ᠲᠠᠨᠢᠯᠲᠠ ᠦᠭᠡᠢ ᠪᠠᠢ᠌ᠨ᠎ᠠ᠃ ᠡᠢ᠌ᠮᠦ ᠡᠴᠡ ᠡᠷᠳᠡᠮ ᠰᠢᠨᠵᠢᠯᠡᠭᠡᠨ ᠦ ᠪᠠᠷ ᠬᠡᠪᠯᠡᠯ ᠦᠨ ᠲᠣᠷᠰᠢᠯᠭ᠎ᠠ ᠰᠤᠷᠭᠠᠮᠵᠢ ᠪᠠᠨ ᠬᠤᠷᠢᠶᠠᠩᠭ᠋ᠤᠢ᠌ᠯᠠᠨ ᠳ᠋ᠦᠩᠨᠡᠵᠦ᠂ ᠡᠷᠳᠡᠮ ᠰᠢᠨᠵᠢᠯᠡᠭᠡᠨ ᠦ ᠪᠠᠷ ᠬᠡᠪᠯᠡᠯ ᠦᠨ《ᠬᠡᠪ ᠪᠠᠷᠢᠮᠵᠢᠶ᠎ᠠ》ᠲᠣᠭᠲᠠᠭᠠᠬᠤ ᠠᠰᠠᠭᠤᠳᠠᠯ ᠲᠤᠯᠭᠠᠮ᠎ᠠ ᠱᠠᠭᠠᠷᠲᠠᠭᠳᠠᠵᠤ ᠪᠠᠢ᠌ᠨ᠎ᠠ᠃
Original Literature View Original Paper
出自 中国蒙古学 2011年 第1期

联系我们


内蒙古大学图书馆
呼和浩特市大学西路235号
中国·内蒙古
P: (0471) 4992561
E: huangfeilong@imu.edu.cn