Paper Information


Title ᠴᠢᠩᠭᠢᠰ ᠬᠠᠭᠠᠨ ᠤ ᠪᠢᠯᠢᠭ᠌ ᠤᠨ ᠠᠭᠤᠯᠭ᠋ ᠠ ᠪᠠ ᠰᠢᠨᠵᠢ ᠴᠢᠨᠠᠷ ᠤᠨ ᠲᠣᠬᠠᠢ —《ᠲᠡᠦᠬᠡᠰ ᠤᠨ ᠴᠢᠭᠤᠯᠭᠠᠨ》 ᠳ᠋ᠡᠬᠢ ᠪᠢᠯᠢᠭ᠌ ᠤᠨ ᠲᠣᠬᠠᠢ ᠲᠡᠮᠳᠡᠭᠯᠡᠯ ᠤᠳ ᠢ ᠵᠠᠳᠠᠯᠤᠨ ᠰᠢᠨᠵᠢᠯᠡᠬᠦ ᠨᠢ
Creator ᠴᠣᠭᠲᠤ
Keyword ᠪᠢᠯᠢᠭ᠌; ᠪᠢᠯᠢᠭ᠌ ᠰᠤᠷᠭᠠᠯ; ᠰᠤᠷᠭᠠᠯ ᠰᠢᠯᠦᠭ; ᠴᠢᠩᠭᠢᠰ ᠬᠠᠭᠠᠨ ᠤ ᠵᠠᠰᠠᠭ ᠪᠠ ᠪᠢᠯᠢᠭ᠌
Abstract ᠲᠤᠰ ᠦᠭᠦᠯᠡᠯ ᠳᠤ ᠠᠷᠠᠰᠳ᠋ᠳ᠋ᠢᠨ ᠤ《ᠲᠡᠦᠬᠡᠨ ᠤᠨ ᠴᠢᠭᠤᠯᠭᠠᠨ》 ᠳᠤ ᠲᠡᠮᠳᠡᠭᠯᠡᠭᠳᠡᠵᠦ ᠪᠠᠶᠢᠭ᠋ ᠠ ᠪᠢᠯᠢᠭ᠌ ᠤᠨ ᠲᠣᠬᠠᠢ ᠲᠡᠮᠳᠡᠭᠯᠡᠯ ᠤᠳ ᠢ ᠬᠤᠷᠢᠶᠠᠩᠭ᠋ᠤᠶᠢᠯᠠᠨ ᠦᠵᠡᠬᠦ ᠵᠢᠨ ᠬᠠᠮᠲᠤ ᠵᠠᠳᠠᠯᠤᠨ ᠰᠢᠨᠵᠢᠯᠡᠵᠦ ᠮᠣᠩᠭ᠋ᠤᠯ ᠬᠠᠭᠠᠨᠲᠤ ᠤᠯᠤᠰ ᠤᠨ ᠦᠶ ᠡ ᠵᠢᠨ ᠪᠢᠯᠢᠭ᠌ ᠤᠨ ᠤᠭ ᠲᠦᠷᠬᠦ ᠵᠢ ᠲᠤᠳᠤᠷᠬᠠᠶᠢᠯᠠᠨ ᠭᠠᠷᠭᠠᠬᠤ ᠵᠢ ᠬᠢᠴᠢᠶᠡᠪᠡ᠃ ᠲᠤᠰ ᠦᠭᠦᠯᠡᠯ ᠳᠡᠬᠢ ᠰᠢᠨᠵᠢᠯᠡᠯ ᠡᠴᠡ ᠦᠵᠡᠪᠡᠯ᠂ ᠮᠣᠩᠭ᠋ᠤᠯ ᠬᠠᠭᠠᠨᠲᠤ ᠤᠯᠤᠰ ᠤᠨ ᠦᠶ ᠡ ᠳᠤ ᠪᠢᠯᠢᠭ᠌ ᠪᠣᠯ ᠰᠤᠷᠭᠠᠯ ᠰᠢᠯᠦᠭ ᠢ ᠵᠢᠭᠠᠵᠤ ᠪᠠᠶᠢᠭᠰᠠᠨ ᠪᠢᠰᠢ ᠪᠦᠭᠡᠳ ᠬᠤᠷᠠᠯᠳᠠᠢ ᠪᠣᠯᠤᠨ ᠴᠣᠭᠯᠠᠭᠠᠨ ᠳᠡᠭᠡᠷ ᠡ ᠬᠠᠭᠠᠨ ᠪᠣᠶᠤ ᠲᠦᠰᠢᠮᠡᠳ ᠡᠴᠡ ᠬᠠᠮᠲᠤ ᠪᠡᠷ ᠶᠠᠷᠢᠳᠠᠭ ᠤᠶᠤᠨ ᠤᠬᠠᠭᠠᠨ ᠡᠷᠳᠡᠮ ᠪᠢᠯᠢᠭ᠌ ᠬᠣᠣᠰᠯᠠᠭᠰᠠᠨ ᠦᠭᠡ ᠶᠠᠷᠢᠶ ᠠ ᠪᠣᠯᠬᠤ ᠨᠢ ᠲᠣᠲᠤᠷᠬᠠᠢ ᠪᠣᠯᠵᠤ ᠪᠠᠶᠢᠨ᠌ ᠠ᠃ ᠪᠢᠯᠢᠭ᠌ ᠪᠠ ᠵᠠᠰᠠᠭ ᠪᠣᠯ ᠬᠣᠶᠠᠷ ᠠᠳᠠᠯᠢ ᠪᠣᠰᠤ ᠤᠬᠠᠭᠳᠠᠬᠤᠨ ᠪᠣᠯᠬᠤ ᠪᠦᠬᠡᠳ ᠮᠣᠩᠭ᠋ᠤᠯ ᠬᠠᠭᠠᠨᠲᠤ ᠤᠯᠤᠰ ᠤᠨ ᠦᠶ ᠡ ᠳᠤ ᠪᠢᠯᠢᠭ᠌ ᠤᠨ ᠠᠭᠤᠯᠭ᠋ ᠠ ᠵᠢ ᠲᠡᠮᠳᠡᠭᠯᠡᠭᠰᠡᠨ ᠦᠰᠦᠭ ᠪᠢᠴᠢᠭ᠌ ᠤᠨ ᠲᠡᠮᠳᠡᠭᠯᠡᠯ ᠣᠷᠤᠰᠢᠵᠤ ᠪᠠᠶᠢᠵᠠᠢ᠃
Original Literature View Original Paper
出自 内蒙古大学学报 2010年 第2期

联系我们


内蒙古大学图书馆
呼和浩特市大学西路235号
中国·内蒙古
P: (0471) 4992561
E: huangfeilong@imu.edu.cn