Abstract |
ᠳᠤᠰ ᠦᠭᠦᠯᠡᠯ ᠲᠦᠪᠡᠳ ᠬᠡᠯᠡᠨ ᠦ ᠬᠤᠶᠠᠷ ᠵᠦᠢᠯ ᠤᠨ ᠪᠢᠴᠢᠮᠡᠯ ᠡᠬᠡ ᠪᠡᠷ ᠲᠤᠯᠭᠠᠭᠤᠷᠢᠯᠠᠵᠦ ᠂ ᠳᠡᠭᠦᠨ ᠦ ᠠᠭᠤᠯᠭ᠎ᠠ ᠪᠦᠳᠦᠴᠡ ᠡᠴᠡ ᠭᠠᠷᠳᠠᠨ ᠡᠬᠡ ᠪᠢᠴᠢᠭ᠌ ᠪᠤᠯᠤᠨ ᠡᠬᠢᠯᠡᠯ ᠳᠡᠭᠦᠰᠬᠡᠯ ᠤᠨ ᠦᠭᠦᠯᠡᠯ ᠳᠤ ᠠᠩᠬᠠᠨ ᠦ ᠠᠵᠢᠭᠯᠠᠯᠲᠠ ᠬᠢᠵᠡᠢ᠃ ᠳᠡᠭᠦᠨ ᠳᠤ ᠂ ᠲᠦᠪᠡᠳ ᠬᠡᠯᠡᠨ ᠳᠤ ᠪᠢᠴᠢᠭᠳᠡᠭᠰᠡᠨ ᠪᠤᠶᠤ ᠣᠷᠴᠢᠭᠤᠯᠤᠭᠳᠠᠭᠰᠠᠨ ᠡᠨᠡᠬᠦ ᠴᠤᠬᠠᠭ ᠴᠠᠭᠠᠵᠠ ᠶᠢᠨ ᠪᠢᠴᠢᠭ᠌ ᠤᠨ ᠦᠨ᠎ᠡ ᠦᠷᠳᠡᠭ ᠢ ᠵᠠᠷᠢᠮ ᠲᠠᠯ ᠠ ᠪᠡᠷ 《ᠮᠣᠩᠭᠣᠯ ᠤᠨ ᠨᠢᠭᠤᠴᠠ ᠲᠤᠪᠴᠢᠶᠠᠨ》ᠲᠠᠢ ᠠᠳᠠᠯᠢ ᠰᠢᠨᠵᠢᠲᠠᠢ ᠪᠤᠯᠬᠤ ᠶᠢ ᠮᠠᠭᠠᠳᠯᠠᠭᠰᠠᠨ᠃ ᠬᠤᠶᠠᠷ ᠲᠤ᠂ ᠮᠣᠩᠭᠣᠯ ᠤᠨ ᠨᠡᠢ᠌ᠭᠡᠮ ᠳᠤ ᠲᠦᠷᠦ ᠱᠠᠰᠢᠨ ᠦ ᠬᠤᠶᠠᠷ ᠶᠤᠰᠤᠨ ᠳᠡᠭᠰᠢᠳᠡ ᠶᠠᠪᠤᠭᠤᠯᠬᠤ ᠶᠢ ᠴᠢᠬᠤᠯᠠᠴᠢᠯᠠᠵᠤ ᠪᠠᠢ᠌ᠭᠰᠠᠨ ᠳᠡᠷᠡ ᠦᠶ ᠠ ᠶᠢᠨ ᠪᠢᠴᠢᠭᠳᠡᠭᠰᠡᠨ ᠡᠨᠡᠬᠦ ᠴᠠᠭᠠᠵᠠ ᠪᠢᠴᠢᠭ᠌ ᠤᠨ ᠪᠦᠬᠦᠢ᠌ᠯᠡ ᠠᠭᠤᠯᠭ᠎ᠠ ᠳᠤ ᠵᠦᠪᠭᠡᠨ ᠵᠠᠰᠠᠭ ᠲᠦᠷᠦ ᠶᠢᠨ ᠵᠠᠷᠢᠮ ᠲᠤᠭᠳᠠᠭᠠᠯ ᠡᠴᠡ ᠳᠠᠪᠠᠭᠰᠠᠨ ᠢᠷᠭᠡᠳ ᠤᠨ ᠦᠢᠯᠡ ᠠᠵᠢᠯᠯᠠᠭᠠᠨ ᠢ ᠭᠡᠷᠬᠢᠨ ᠵᠠᠰᠠᠭᠯᠠᠵᠤ ᠶᠠᠯᠠᠯᠠᠬᠤ ᠲᠤᠬᠠᠢ ᠪᠢᠴᠢᠭᠡᠳ ᠬᠠᠷᠢᠨ ᠳᠡᠳᠡᠨ ᠦ ᠱᠠᠰᠢᠨ ᠤᠨ ᠨᠤᠮ ᠤᠨ ᠲᠦᠷᠦ ᠡᠴᠡ ᠭᠠᠵᠢᠭᠰᠠᠨ ᠲᠤᠬᠢᠶᠠᠯᠳᠤᠯ ᠳᠤ ᠬᠡᠷᠬᠢᠨ ᠴᠠᠭᠠᠵᠠᠯᠠᠵᠤ ᠲᠤᠷᠭᠠᠬᠤ ᠲᠤᠬᠠᠢ ᠲᠠᠭ ᠳᠤᠷᠠᠳᠤᠭ᠎ᠠ ᠦᠭᠡᠢ ᠨᠢ ᠳᠤᠰ ᠴᠠᠭᠠᠵᠠ ᠪᠢᠴᠢᠭ ᠤᠨ ᠰᠡᠵᠢᠭᠯᠡᠵᠦ ᠵᠦᠪᠳᠡᠭᠦᠰᠢᠲᠡᠢ ᠤᠴᠢᠷ ᠪᠠᠢ᠌ᠭ᠎ᠠ ᠶᠢ ᠠᠩᠬᠠᠷᠤᠭᠰᠠᠨ᠃ ᠭᠤᠷᠪᠠ ᠳᠤ ᠂ ᠤᠭ ᠡᠬᠡ ᠶᠢᠨ ᠳᠡᠭᠦᠰᠬᠡᠯ ᠤᠨ 《ᠠᠷᠪᠠᠨ ᠭᠤᠷᠪᠠᠨ ᠴᠠᠭᠠᠵᠠ》ᠭᠡᠳᠡᠭ ᠲᠤᠷᠠᠳᠤᠯᠲᠠ ᠳᠤ ᠰᠢᠨ᠎ᠡ ᠳᠠᠭᠠᠮᠠᠭ ᠬᠢᠭ᠍ᠰᠡᠨ ᠪᠠᠢ᠌ᠨ᠎ᠠ᠃ |