Paper Information


Title ᠤᠮᠠᠷᠠᠳᠤ ᠶᠢᠨ ᠦᠨᠳᠦᠰᠦᠳᠡᠨ ᠨᠤᠭᠦᠳ ᠤᠨ ᠪᠠᠯᠠᠷᠯᠢᠭ ᠪᠦᠵᠢᠭ᠌ ᠬᠢᠭᠡᠳ ᠬᠠᠷ ᠠ ᠰᠦᠯᠳᠡ ᠶᠢᠨ ᠳᠠᠢ᠌ᠯᠭ᠎ᠠ ᠶᠢᠨ ᠤᠴᠢᠷ
Creator ᠰᠦᠷᠴᠡᠭᠡᠨ
Keyword ᠤᠮᠠᠷᠠᠳᠤ ᠶᠢᠨ ᠦᠨᠳᠦᠰᠦᠳᠡᠨ ; ᠪᠠᠯᠠᠷᠯᠢᠭ ᠪᠦᠵᠢᠭ᠌; ᠬᠠᠷ ᠠ ᠰᠦᠯᠳᠡ ᠶᠢᠨ ᠳᠠᠢ᠌ᠯᠭ᠎ᠠ
Abstract ᠡᠷᠳᠡᠨ ᠦ ᠤᠮᠠᠷᠠᠳᠤ ᠶᠢᠨ ᠦᠨᠳᠦᠰᠦᠳᠡᠨ ᠨᠤᠭᠦᠳ ᠤᠨ ᠳᠤᠮᠳᠠ ᠳᠡᠯᠭᠡᠷᠡᠭᠰᠡᠨ ᠪᠠᠯᠠᠷᠯᠢᠭ ᠪᠦᠵᠢᠭ᠌ ᠤᠨ ᠨᠢᠭᠡᠨ ᠨᠡᠢ᠌ᠳᠡᠯᠢᠭ ᠬᠡᠯᠪᠡᠷᠢ ᠪᠤᠯ ᠮᠣᠩᠭᠣᠯ ᠤᠨ ᠳᠡᠦᠬᠡᠨ ᠠᠯᠳᠠᠷᠰᠢᠭᠰᠠᠨ ᠳᠡᠪᠰᠢᠬᠦ ᠪᠦᠵᠢᠭ᠌ ᠮᠦᠨ ᠃ ᠡᠨᠡ ᠪᠦᠵᠢᠭ᠌ ᠲᠤ ᠭᠠᠷ ᠬᠤᠯᠪᠤᠯᠳᠠ᠂ ᠭᠦᠯ ᠳᠡᠪᠰᠡᠯᠳᠡ ᠪᠠ ᠲᠤᠭᠤᠢ ᠡᠷᠬᠢᠯᠳᠡ ᠶᠢᠨ ᠭᠤᠷᠪᠠᠨ ᠦᠨᠳᠦᠰᠦᠨ ᠬᠦᠳᠡᠯᠭᠡᠭᠡᠨ ᠲᠠᠢ᠃ ᠡᠳᠡᠭᠡᠷ ᠦᠨᠳᠦᠰᠦᠨ ᠬᠦᠳᠡᠯᠭᠡᠭᠡᠨ ᠨᠢ ᠴᠦᠮ ᠡᠳᠦᠬᠡᠬᠢ ᠮᠣᠩᠭᠣᠯ ᠦᠨᠳᠦᠰᠦᠳᠡᠨ ᠦ ᠪᠦᠵᠢᠭ᠌ ᠤᠷᠠᠯᠢᠭ ᠲᠤ ᠤᠯᠠᠮᠵᠢᠯᠠᠭᠳᠠᠭᠰᠠᠨ ᠪᠦᠭᠡᠳ ᠠᠷᠠᠳ ᠤᠨ ᠵᠠᠩ ᠦᠢᠯᠡ ᠳᠤ ᠬᠦᠷᠳᠡᠯ ᠠ ᠶᠡᠬᠡᠬᠡᠨ ᠨᠦᠯᠦᠭᠡᠯᠡᠵᠡᠢ᠃ᠮᠡᠷᠺᠰ ᠠᠩᠸᠯᠰ ᠤᠨ ᠬᠡᠯᠡᠳᠡᠭ ᠪᠦᠵᠢᠭ᠌ ᠪᠤᠯ ᠳᠡᠬᠢᠯᠭ᠎ᠠ ᠶᠢᠨ ᠬᠡᠯᠪᠡᠷᠢ ᠪᠤᠯᠬᠤ ᠰᠤᠷᠭᠠᠯ ᠳᠤ ᠦᠨᠳᠦᠰᠦᠯᠡᠪᠡᠯ ᠤᠤᠯ ᠪᠦᠵᠢᠭ᠌ ᠰᠠᠭᠯᠠᠭᠠᠷ ᠮᠤᠳᠤᠨ ᠦ ᠳᠡᠢ᠌ᠯᠭ᠎ᠠ ᠳᠤ ᠠᠩᠬ᠎ᠠ ᠤᠶᠠᠯᠳᠤᠵᠤ ᠭᠠᠷᠤᠭᠰᠠᠨ ᠪᠠᠢ᠌ᠨ᠎ᠠ᠂ ᠮᠤᠳᠤ ᠳᠡᠷᠢᠭᠦᠳᠡᠨ ᠦ ᠪᠠᠢ᠌ᠭᠠᠯᠢ ᠰᠢᠳᠦᠯᠭᠡ ᠡᠴᠡ ᠵᠤᠬᠢᠶᠠᠮᠠᠯ ᠰᠢᠳᠦᠯᠭᠡ ᠵᠦᠭ ᠬᠦᠭ᠍ᠵᠢᠭᠰᠡᠨ ᠨᠢᠭᠡᠨ ᠴᠢᠬᠤᠯᠠ ᠪᠡᠶᠠᠯᠠᠯ ᠪᠤᠯ ᠬᠠᠷ ᠠ ᠰᠦᠯᠳᠡ ᠰᠢᠳᠦᠬᠡᠨ ᠦ ᠡᠭᠦᠰᠦᠯᠳᠡ ᠪᠤᠯᠤᠨ᠎ᠠ᠃ ᠬᠠᠷ ᠠ ᠰᠦᠯᠳᠡ ᠶᠢᠨ ᠳᠠᠢ᠌ᠯᠭ᠎ᠠ ᠬᠢᠭᠡᠳ ᠡᠷᠳᠡᠨ ᠦ ᠤᠮᠠᠷᠠᠳᠤ ᠦᠨᠳᠦᠰᠦᠳᠡᠨ ᠦ ᠪᠠᠯᠠᠷᠯᠢᠭ ᠪᠦᠵᠢᠭ᠌ ᠤᠨ ᠬᠤᠭᠤᠷᠤᠨᠳᠦᠬᠢ ᠨᠢᠭᠡᠨᠨ ᠭᠤᠤᠯ ᠬᠤᠯᠪᠤᠭᠠᠰᠤ ᠨᠢ ᠤᠤᠯ ᠶᠤᠰᠤᠯᠠᠯ ᠤᠨ ᠬᠦᠢᠴᠡᠳᠬᠡᠯ ᠳᠤ ᠢᠮᠠᠭᠳᠠ ᠢᠯᠡᠷᠡᠳᠡᠭ ᠤᠩᠭᠤᠨ ᠢᠮᠠᠭ᠎ᠠ ᠠᠵᠢ᠃
Original Literature View Original Paper
出自 内蒙古大学学报 2003年 第1期

联系我们


内蒙古大学图书馆
呼和浩特市大学西路235号
中国·内蒙古
P: (0471) 4992561
E: huangfeilong@imu.edu.cn