Abstract |
ᠲᠡᠦᠬᠡ ᠶᠢ ᠤᠷᠠᠨ ᠵᠤᠬᠢᠶᠠᠯ ᠤᠨ ᠠᠷᠭ᠎ᠠ ᠪᠠᠷ ᠪᠢᠴᠢᠭᠰᠡᠨ 17᠋ ᠳᠤᠭᠠᠷ ᠵᠠᠭᠤᠨ ᠤ ᠦᠶ᠎ᠡ ᠶᠢᠨ ᠰᠤᠷᠪᠤᠯᠵᠢ ᠪᠢᠴᠢᠭ᠌ ᠲᠦ ᠲᠡᠦᠬᠡᠨ ᠳᠤᠮᠤᠭ ᠤᠨ ᠵᠤᠬᠢᠶᠠᠯ ᠮᠠᠰᠢ ᠣᠯᠠᠨ ᠲᠡᠮᠳᠡᠭᠯᠡᠭᠳᠡᠨ ᠦᠯᠡᠳᠡᠵᠡᠢ᠃ ᠡᠳᠡᠭᠡᠷ ᠳᠤᠮᠤᠭ ᠤᠳ ᠢ ᠲᠡᠦᠬᠡᠨ ᠦᠢᠯᠡ ᠶᠠᠪᠤᠳᠠᠯ ᠠᠴᠠ ᠢᠯᠭᠠᠷᠠᠬᠤ ᠪᠠᠷ ᠦᠭᠡᠢ ᠰᠢᠭᠢᠳᠭᠡᠵᠦ ᠣᠷᠤᠭᠤᠯᠤᠭᠰᠠᠨ ᠪᠤᠯᠬᠤᠷ ᠡᠨᠡ ᠬᠦ ᠲᠡᠦᠬᠡᠨ ᠳᠤᠮᠤᠭ ᠨᠢ ᠲᠡᠦᠬᠡ ᠪᠡ ᠤᠷᠠᠨ ᠵᠤᠬᠢᠶᠠᠯ ᠤᠶᠠᠯᠳᠤᠭᠰᠠᠨ ᠰᠢᠨᠵᠢ ᠲᠡᠢ ᠪᠤᠯᠵᠠᠢ᠃ ᠦᠭᠦᠯᠡᠯ ᠳᠦ 《ᠬᠠᠳ ᠤᠨ ᠦᠨᠳᠦᠰᠦᠨ ᠬᠤᠷᠢᠶᠠᠩ᠋ᠭᠤᠢ ᠠᠯᠲᠠᠨ ᠲᠤᠪᠴᠢ》᠂ ᠯᠤᠪᠰᠠᠩᠳᠠᠨᠵᠢᠨ ᠤ 《ᠠᠯᠲᠠᠨ ᠲᠤᠪᠴᠢ》᠂ ᠰᠠᠭᠠᠩ ᠰᠡᠴᠡᠨ ᠦ 《ᠡᠷᠳᠡᠨᠢ ᠶᠢᠨ ᠲᠤᠪᠴᠢ》ᠪᠡ 《ᠴᠢᠩᠭᠢᠰ ᠤᠨ ᠴᠠᠳᠢᠭ》ᠵᠡᠷᠭᠡ ᠰᠤᠷᠪᠤᠯᠵᠢ ᠪᠢᠴᠢᠭ᠌ ᠢᠶᠡᠷ ᠳᠠᠮᠵᠢᠵᠤ ᠤᠯᠠᠮᠵᠢᠯᠠᠭᠳᠠᠵᠤ ᠢᠷᠡᠭᠰᠡᠨ 《ᠠᠷᠭᠠᠰᠤᠨ ᠬᠤᠷᠴᠢ ᠶᠢᠨ ᠳᠤᠮᠤᠭ》ᠭᠡᠬᠦ ᠲᠡᠦᠬᠡᠨ ᠳᠤᠮᠤᠭ ᠤᠨ ᠰᠢᠨᠵᠢ ᠶᠢ ᠲᠡᠦᠬᠡᠯᠢᠭ᠌ ᠰᠢᠨᠵᠢ ᠪᠡ ᠤᠷᠠᠨ ᠵᠤᠬᠢᠶᠠᠯ ᠤᠨ ᠰᠢᠨᠵᠢ ᠲᠡᠢ ᠭᠡᠵᠦ ᠰᠢᠨᠵᠢᠯᠡᠪᠡ᠃ |