Paper Information


Title ᠴᠢᠩ ᠤᠯᠤᠰ ᠤᠨ ᠮᠣᠩᠭᠣᠯ ᠳᠤ ᠬᠡᠷᠡᠭᠵᠢᠭᠦᠯᠦᠭᠰᠡᠨ ᠤᠯᠠᠮᠵᠢᠯᠠᠯᠲᠤ ᠪᠤᠳᠤᠯᠭ᠎ᠠ ᠪᠡᠨ ᠬᠤᠪᠢᠷᠠᠭᠤᠯᠤᠭᠰᠠᠨ ᠦ ᠳᠤᠳᠤᠭᠠᠳᠤ ᠰᠢᠯᠳᠠᠭᠠᠨ ᠢ ᠦᠭᠦᠯᠡᠬᠦ ᠨᠢ
Creator ᠰᠤᠳᠤᠪᠢᠯᠢᠭ᠌
Keyword ᠴᠢᠩ ᠤᠯᠤᠰ ; ᠤᠯᠠᠮᠵᠢᠯᠠᠯᠲᠤ ᠪᠤᠳᠤᠯᠭ᠎ᠠ ; ᠳᠤᠳᠤᠭᠠᠳᠤ ᠰᠢᠯᠳᠠᠭᠠᠨ
Abstract ᠤᠢ᠌ᠷ ᠠ ᠶᠢᠨ ᠦᠶ ᠠ ᠡᠴᠡ ᠢᠨᠠᠭᠰᠢ ᠴᠢᠩ ᠤᠯᠤᠰ ᠨᠢ ᠮᠣᠩᠭᠣᠯ ᠳᠤ ᠬᠡᠷᠡᠭᠵᠢᠭᠦᠯᠵᠦ ᠪᠠᠢ᠌ᠭᠰᠠᠨ ᠤᠯᠠᠮᠵᠢᠯᠠᠯᠲᠤ ᠪᠤᠳᠤᠯᠭ᠎ᠠ ᠪᠡᠨ ᠬᠤᠪᠢᠷᠠᠭᠤᠯᠵᠤ᠂ ᠮᠣᠩᠭᠣᠯ ᠤᠷᠤᠨ ᠢ ᠳᠤᠳᠤᠭᠠᠳᠤ ᠮᠤᠵᠢ ᠯᠤᠭ᠎ᠠ ᠠᠳᠠᠯᠢ ᠪᠠᠷ ᠵᠠᠰᠠᠬᠤ ᠪᠤᠳᠤᠯᠭ᠎ᠠ ᠶᠢ ᠡᠬᠢᠯᠠᠨ ᠬᠡᠷᠡᠭᠵᠢᠭᠦᠯᠪᠡ᠃ ᠦᠷᠦᠨᠡᠳᠡᠬᠢᠨ ᠦ ᠬᠦᠴᠦᠷᠭᠡᠭ᠌ ᠤᠯᠤᠰ ᠤᠳ ᠳᠤᠮᠳᠠᠳᠤ ᠤᠯᠤᠰ ᠢ ᠲᠦᠷᠢᠮᠡᠢᠬᠡᠢ᠌ᠯᠡᠵᠦ᠂ ᠮᠣᠩᠭᠣᠯ ᠢ ᠪᠠᠭᠳᠠᠭᠠᠭᠰᠠᠨ ᠪᠦᠬᠦᠢ᠌ᠯᠡ ᠬᠢᠵᠠᠭᠠᠷ ᠤᠷᠤᠨ ᠳᠤ ᠨᠤᠶᠠᠷᠬᠠᠯ ᠤᠨ ᠬᠢᠮᠢᠷᠠᠯ ᠭᠠᠷᠤᠭᠰᠠᠨ ᠶᠠᠪᠤᠳᠠᠯ ᠪᠤᠯ ᠴᠢᠩ ᠤᠯᠤᠰ ᠡᠴᠡ ᠮᠣᠩᠭᠣᠯ ᠳᠤ ᠬᠡᠷᠡᠭᠵᠢᠭᠦᠯᠦᠭᠰᠡᠨ ᠤᠯᠠᠮᠵᠢᠯᠠᠯᠲᠤ ᠪᠤᠳᠠᠯᠭ᠎ᠠ ᠪᠡᠨ ᠬᠤᠪᠢᠷᠠᠭᠤᠯᠤᠭᠰᠠᠨ ᠦ ᠳᠡᠷᠢᠭᠦᠨ ᠴᠢᠬᠤᠯᠠ ᠰᠢᠯᠳᠠᠭᠠᠨ ᠪᠤᠯᠬᠤ ᠶᠤᠮ᠃ ᠬᠡᠪᠡᠴᠦ ᠡᠨᠡ ᠬᠦ ᠬᠤᠪᠢᠷᠠᠯᠳᠠ ᠳᠤ ᠪᠠᠰᠠ ᠳᠤᠳᠤᠭᠠᠳᠤ ᠦᠨᠳᠦᠰᠦ ᠰᠢᠯᠳᠠᠭᠠᠨ ᠪᠠᠢ᠌ᠬᠤ ᠶᠢ ᠤᠯᠵᠤ ᠦᠵᠡᠬᠦᠰᠢᠲᠠᠢ᠂ ᠤᠯᠤᠰ ᠤᠨ ᠳᠤᠳᠤᠭᠠᠳᠤ ᠶᠢᠨ ᠡᠯ ᠠ ᠦᠨᠳᠦᠰᠦᠳᠡᠨ ᠦ ᠠᠷᠠᠳ ᠲᠦᠮᠡᠨ ᠦ ᠡᠰᠡᠷᠭᠦᠴᠡᠯ᠂ ᠬᠢᠲᠠᠳ ᠤᠨ ᠤᠷᠤᠨ ᠨᠤᠲᠤᠭ ᠤᠨ ᠵᠡᠪᠰᠡᠭᠳᠦ ᠬᠦᠴᠦᠨ ᠦ ᠪᠤᠵᠠᠭᠠᠢ᠌ᠷᠠᠯ᠂ ᠮᠠᠨᠵᠤ ᠶᠢᠨ ᠢᠵᠡᠭᠤᠷᠳᠠᠳ ᠪᠤᠯᠤᠨ ᠮᠣᠩᠭᠣᠯ ᠲᠦᠪᠡᠳ ᠵᠡᠷᠭᠡ ᠴᠦᠭᠡᠨ ᠲᠤᠭᠠᠳᠤ ᠦᠨᠳᠦᠰᠦᠳᠡᠨ ᠦ ᠳᠡᠭᠡᠲᠤ ᠳᠠᠪᠬᠤᠷᠭᠠᠳᠠᠳ ᠤᠨ ᠬᠤᠭᠤᠷᠤᠨᠳᠤᠬᠢ ᠤᠯᠤᠰ ᠲᠦᠷᠦ ᠶᠢᠨ ᠬᠠᠷᠢᠴᠠᠭᠠᠨ ᠦ ᠰᠤᠯᠠᠷᠠᠯ᠂ ᠴᠢᠩ ᠤᠯᠤᠰ ᠤᠨ ᠵᠠᠰᠠᠭ ᠤᠨ ᠭᠠᠵᠠᠷ ᠤᠨ ᠡᠳ᠋ ᠤᠨ ᠵᠠᠰᠠᠭ ᠤᠨ ᠬᠤᠭᠤᠰᠤᠷᠠᠯ ᠵᠡᠷᠭᠡ ᠪᠤᠯ ᠴᠢᠩ ᠤᠯᠤᠰ ᠡᠴᠡ ᠮᠣᠩᠭᠣᠯ ᠳᠤ ᠬᠡᠷᠡᠭᠵᠢᠭᠦᠯᠦᠭᠰᠡᠨ ᠤᠯᠠᠮᠵᠢᠯᠠᠯᠲᠤ ᠪᠤᠳᠤᠯᠭ᠎ᠠ ᠪᠡᠨ ᠬᠤᠪᠢᠷᠠᠭᠤᠯᠤᠭᠰᠠᠨ ᠦ ᠳᠤᠳᠤᠭᠠᠳᠤ ᠰᠢᠯᠳᠠᠭᠠᠨ ᠪᠤᠯᠬᠤ ᠶᠤᠮ᠃
Original Literature View Original Paper
出自 内蒙古大学学报 2001年 第3期

联系我们


内蒙古大学图书馆
呼和浩特市大学西路235号
中国·内蒙古
P: (0471) 4992561
E: huangfeilong@imu.edu.cn