Paper Information


Title ᠤᠢ᠌ᠭᠤᠷᠵᠢᠨ ᠮᠤᠩᠭ᠋ᠤᠯ ᠦᠰᠦᠭ ᠤᠨ 13 ᠪᠦᠯᠦᠭᠳᠦ 《ᠵᠢᠩᠭ᠋ᠠᠷ》 ᠤᠨ ᠪᠠᠷ ᠬᠡᠪᠯᠡᠯ ᠤᠨ ᠠᠰᠠᠭᠤᠳᠠᠯ ᠳᠤ
Creator ᠳ • ᠲ᠋ᠠᠶᠠ
Keyword 13 ᠪᠦᠯᠦᠭᠳᠦ 《ᠵᠠᠩᠭ᠋ᠠᠷ》; ᠤᠤᠯ ᠲᠸᠺᠰᠲ; ᠪᠠᠷ ᠬᠡᠪᠯᠡᠯ
Abstract 1958 ᠤᠨ ᠳᠤ ᠦᠪᠦᠷ ᠮᠤᠩᠭ᠋ᠤᠯ ᠤᠨ ᠠᠷᠠᠳ ᠤᠨ ᠬᠡᠪᠯᠡᠯ ᠤᠨ ᠬᠤᠷᠢᠶ᠎ᠠ ᠡᠴᠡ ᠬᠡᠪᠯᠡᠭᠳᠡᠭᠰᠡᠨ 13 ᠪᠦᠯᠦᠭᠳᠦ 《ᠵᠠᠩᠭ᠋ᠠᠷ》 ᠢ 1910 ᠤᠨ ᠳᠤ ᠰᠡᠨᠲ᠋ - ᠫᠸᠲ᠋ᠸᠷᠪᠦ᠋ᠷᠡᠭ ᠲᠤ ᠬᠡᠪᠯᠡᠭᠳᠡᠭᠰᠡᠨ ᠲᠤᠳᠤ ᠮᠤᠩᠭ᠋ᠤᠯ ᠦᠰᠦᠭ ᠤᠨ 10 ᠪᠦᠯᠦᠭᠳᠦ 《ᠵᠠᠩᠭ᠋ᠠᠷ》 ᠤᠨ ᠤᠤᠯ ᠲᠸᠺᠰᠲ ᠲᠠᠢ ᠨᠢ ᠦᠭᠡ ᠦᠰᠦᠭ᠂ ᠦᠭᠦᠯᠡᠪᠦᠷᠢ ᠨᠠᠢ᠌ᠷᠠᠯᠭ᠎ᠠ ᠵᠢᠴᠢ ᠬᠡᠰᠡᠭ ᠪᠦᠯᠦᠭ ᠭᠡᠬᠦ ᠭᠤᠷᠪᠠᠨ ᠲᠠᠯ᠎ᠠ ᠪᠡᠷ ᠲᠤᠯᠭᠠᠨ ᠬᠠᠷᠭᠤᠭᠤᠯᠬᠤ ᠪᠡᠷ ᠲᠠᠮᠵᠢᠭᠤᠯᠵᠤ᠂ 1910 ᠤᠨ ᠳᠤ ᠰᠡᠨᠲ - ᠫᠸᠲ᠋ᠸᠷᠪᠦ᠋ᠷᠡᠭ ᠲᠤ ᠬᠡᠪᠯᠡᠭᠳᠡᠭᠰᠡᠨ ᠲᠤᠳᠤ ᠮᠤᠩᠭ᠋ᠤᠯ ᠦᠰᠦᠭ ᠤᠨ 10 ᠪᠦᠯᠦᠭᠳᠦ 《ᠵᠠᠩᠭ᠋ᠠᠷ》 ᠢ ᠲᠠᠬᠢᠨ ᠬᠡᠪᠯᠡᠯ ᠳᠤ ᠪᠡᠯᠡᠳᠭᠡᠬᠦ ᠬᠡᠷᠡᠭᠴᠡᠭᠡ ᠪᠠᠢ᠌ᠬᠤ ᠡᠰᠡᠬᠦ ᠂ ᠮᠡᠷᠭᠡᠨᠪᠠᠭᠠᠳᠤᠷ ᠲᠠᠮᠤᠷᠳᠦ᠋ᠰᠢ ᠬᠤᠶᠠᠷ ᠤᠨ ᠪᠠᠭᠤᠯᠭᠠᠭᠰᠠᠨ 《ᠵᠠᠩᠭ᠋ᠠᠷ》 ᠨᠢ ᠡᠷᠳᠡᠮ ᠰᠢᠨᠵᠢᠯᠡᠭᠡᠨ ᠳᠤ ᠠᠰᠢᠭᠯᠠᠵᠤ ᠪᠤᠯᠬᠤ ᠪᠡᠷ ᠬᠡᠪᠯᠡᠯ ᠮᠦᠨ ᠡᠰᠡᠬᠦ ᠵᠢᠴᠢ ᠠᠮᠠᠨ ᠤᠯᠠᠮᠵᠢᠯᠠᠯ ᠢ ᠬᠡᠷᠬᠢᠨ ᠦᠰᠦᠭ ᠪᠢᠴᠢᠭ᠌ ᠲᠤ ᠪᠠᠭᠤᠯᠭᠠᠵᠤ ᠬᠡᠪᠯᠡᠬᠦ ᠠᠰᠠᠭᠤᠳᠯᠠ ᠵᠡᠷᠭᠡ ᠶᠢᠨ ᠲᠤᠬᠠᠢ ᠦᠵᠡᠯᠳᠡ ᠪᠠᠨ ᠶᠠᠷᠢᠪᠠ᠃
Original Literature View Original Paper
出自 内蒙古大学学报 2015年 第3期

联系我们


内蒙古大学图书馆
呼和浩特市大学西路235号
中国·内蒙古
P: (0471) 4992561
E: huangfeilong@imu.edu.cn