Paper Information


Title ᠮᠤᠩᠭ᠋ᠤᠯ ᠵᠦᠢᠷ ᠰᠡᠴᠡᠨ ᠦᠬᠡ ᠶᠢᠨ ᠳᠤᠬᠠᠢ ᠳᠤᠪᠴᠢ ᠰᠢᠨᠵᠢᠯᠡᠯ
Creator ᠶᠠᠩ᠂ ᠪᠠᠶᠠᠷ
Keyword ᠮᠤᠩᠭ᠋ᠤᠯ ᠵᠦᠢᠷ ᠰᠡᠴᠡᠨ ᠦᠬᠡ; ᠤᠬᠠᠭᠳᠠᠬᠤᠨ ᠪᠠ ᠡᠬᠦᠰᠤᠯ ᠳᠦᠯᠤᠪᠰᠢᠷᠠᠯ; ᠲᠦᠷᠤᠯ ᠵᠦᠢᠯ ᠪᠠ ᠤᠨᠴᠠᠯᠢᠭ
Abstract ᠦᠬᠦᠯᠡᠯ ᠳᠤ ᠤᠯᠤᠰ ᠤᠨ ᠳᠤᠳᠤᠭᠠᠳᠤ ᠭᠠᠳᠠᠭᠠᠳᠤ ᠶᠢᠨ ᠡᠷᠳᠡᠮᠳᠡᠳ ᠤᠨ ᠰᠤᠳᠤᠯᠭᠠᠨ ᠤ ᠪᠠᠢᠢᠳᠠᠯ ᠢ ᠦᠨᠳᠤᠰᠤᠯᠡᠵᠤ᠂ ᠮᠤᠩᠭ᠋ᠤᠯ ᠵᠦᠢᠷ ᠰᠡᠴᠡᠨ ᠦᠬᠡ ᠶᠢᠨ ᠳᠤᠬᠠᠢ ᠦᠬᠦᠯᠡᠭᠰᠡᠨ᠃ ᠲᠦᠷᠤᠬᠦᠴᠢ ᠶᠢᠨ ᠭᠡᠰᠡᠭ ᠲᠤ ᠵᠦᠢᠷ ᠴᠡᠰᠡᠨ ᠦᠬᠡ ᠶᠢᠨ ᠤᠬᠠᠭᠳᠠᠬᠤᠨ ᠪᠠ ᠡᠬᠦᠰᠤᠯ ᠲᠦᠯᠤᠪᠰᠢᠷᠠᠯ ᠤᠨ ᠠᠰᠠᠭᠤᠳᠠᠯ ᠢ ᠳᠤᠳᠤᠷᠬᠠᠢᠢᠯᠠᠵᠤ᠂ ᠳᠠᠷᠠᠭᠠᠴᠢ ᠶᠢᠨ ᠭᠡᠰᠡᠭ ᠲᠤ ᠲᠦᠷᠤᠯ ᠵᠠᠨᠠᠷ ᠪᠠ ᠤᠨᠴᠠᠯᠢᠭ ᠢ ᠨᠢ ᠰᠢᠨᠵᠢᠯᠡᠭᠰᠡᠨ᠃ ᠪᠤᠳᠠᠳᠠᠢ ᠳᠤᠷᠠᠳᠪᠠᠯ ᠮᠤᠩᠭ᠋ᠤᠯ ᠵᠦᠢᠷ ᠰᠡᠴᠡᠨ ᠦᠬᠡ ᠵᠢ ᠶᠡᠷᠤᠩᠬᠡᠢ ᠳ᠋ᠤᠨᠢ ᠴᠠᠭ ᠲᠦᠷᠤ ᠶᠢᠨ᠂ ᠠᠮᠢᠳᠤᠷᠠᠯ ᠤᠨ᠂ ᠠᠵᠤ ᠠᠮᠢᠳᠤᠷᠠᠯ ᠤᠨ᠂ ᠪᠤᠰᠤᠳ ᠵᠦᠢᠯ ᠬᠡᠮᠡᠨ ᠳᠦᠷᠪᠠᠨ ᠲᠦᠷᠤᠯ ᠳᠤ ᠬᠤᠪᠢᠷᠠᠵᠤ᠂ ᠬᠡᠯᠪᠡᠷᠢ ᠡᠴᠡ ᠨᠢ ᠤᠬᠤᠷ ᠠᠪᠰᠠᠷᠬᠠᠨ ᠠᠢᠨᠵᠢ᠂ ᠳᠤᠭᠳᠠᠮᠠᠯ ᠪᠦᠳᠤᠴᠠᠳᠤ ᠠᠢᠨᠵᠢ᠂ ᠰᠢᠯᠤᠭ᠍ᠯᠢᠭ᠌ ᠠᠢᠨᠵᠢ ᠬᠡᠮᠡᠨ ᠭᠤᠷᠪᠠ ᠬᠤᠪᠢᠷᠠᠵᠤ᠂ ᠠᠭᠤᠯᠭ᠎ᠠ ᠦᠵᠠᠯ ᠰᠠᠨᠠᠭᠠᠨ ᠤ ᠬᠤᠪᠢ ᠳᠤ ᠳᠤᠷᠰᠢᠯᠭ᠎ᠠ ᠬᠦᠷᠳᠡᠮᠵᠢ ᠶᠢᠨ ᠰᠢᠨᠵᠢ᠂ ᠶᠤᠭᠳᠠᠯᠢᠭ ᠠᠢᠨᠵᠢ ᠬᠡᠮᠡᠨ ᠬᠤᠪᠢᠶᠠᠨ᠂ ᠨᠡᠢᠢᠬᠡᠮ ᠤᠨ ᠴᠢᠳᠠᠪᠬᠢ ᠶᠢᠨ ᠲᠠᠯ᠎ᠠ ᠡᠴᠡ ᠮᠡᠳᠡᠯᠭᠡ ᠳᠡᠯᠭᠡᠷᠡᠬᠦᠯᠬᠦ ᠠᠢᠨᠵᠢ᠂ ᠰᠤᠷᠭᠠᠯ ᠴᠡᠭᠡᠷᠯᠡᠯ ᠤᠨ ᠠᠢᠨᠵᠢ ᠲᠠᠢ ᠪᠠᠢᠢᠳᠠᠭ ᠬᠡᠮᠡᠨ ᠪᠤᠳᠠᠳᠠᠢ ᠦᠬᠦᠯᠡᠭᠰᠡᠨ ᠶᠤᠮ᠃
Original Literature View Original Paper
出自 内蒙古师范大学学报 2006年 第1期

联系我们


内蒙古大学图书馆
呼和浩特市大学西路235号
中国·内蒙古
P: (0471) 4992561
E: huangfeilong@imu.edu.cn