Abstract |
ᠠᠯᠲᠠᠨ ᠬᠠᠨ ᠪᠤᠯ ᠤᠮᠠᠷᠠᠳᠤ ᠶᠤᠸᠠᠨ ᠤᠯᠤᠰ ᠤᠨ ᠦᠶ ᠡ ᠶᠢᠨ ᠲᠦᠮᠡᠳ ᠳᠤᠮᠳᠠᠳᠤ ᠶᠢᠨ ᠲᠦᠷᠦᠭᠦᠦ ᠨᠤᠶᠠᠨ ᠂ ᠲᠠᠶᠠᠨ ᠬᠠᠭᠠᠨ ᠦ ᠭᠤᠷᠪᠠᠳᠤᠭᠠᠷ ᠬᠦᠪᠡᠭᠦᠨ ᠪᠠᠷᠰᠪᠤᠯᠤᠳ ᠵᠢᠨᠤᠩ ᠤᠨ ᠬᠦᠦ ᠂ ᠮᠣᠩᠭᠣᠯ ᠦᠨᠳᠦᠰᠦᠳᠡᠨ ᠦ ᠰᠢᠯᠭᠠᠷᠠᠭᠰᠠᠨ ᠤᠯᠤᠰ ᠲᠦᠷᠦᠴᠢᠨ ᠪᠤᠯᠤᠨ᠎ᠠ᠃ ᠠᠯᠳᠠᠨ ᠬᠠᠨ ᠦ ᠨᠢᠭᠡ ᠨᠠᠰᠤᠨ ᠦ ᠦᠢᠯᠡ ᠠᠵᠢᠯᠯᠠᠭ᠎ᠠ᠂ ᠤᠨᠴᠠᠭᠠᠢ᠌ᠯᠠᠨ ᠠᠵᠤ ᠠᠬᠤᠢ ᠶᠢᠨ ᠦᠵᠡᠯ ᠰᠠᠨᠠᠭ᠎ᠠ ᠵᠢᠴᠢ ᠠᠵᠤ ᠠᠬᠤᠢ ᠶᠢᠨ ᠦᠢᠯᠡ ᠠᠵᠢᠯᠯᠠᠭ᠎ᠠ ᠨᠢ 16 ᠳ᠋ᠤᠭᠠᠷ ᠵᠠᠭᠤᠨ ᠬᠢᠭᠡᠳ ᠲᠡᠭᠦᠨ ᠡᠴᠡ ᠬᠤᠢ᠌ᠰᠢᠬᠢ ᠤᠷᠳᠤ ᠤᠳᠠᠭᠠᠨ ᠲᠡᠦᠬᠡᠨ ᠬᠤᠭᠤᠴᠠᠭᠠᠨ ᠳᠤ ᠮᠣᠩᠭᠣᠯ ᠤᠨ ᠠᠵᠤ ᠠᠬᠤᠢ ᠨᠡᠢ᠌ᠭᠡᠮ ᠤᠨ ᠬᠦᠭ᠍ᠵᠢᠯ ᠳᠤ ᠬᠦᠨᠵᠡᠬᠡᠢ ᠨᠦᠯᠦᠭᠡ ᠦᠵᠡᠭᠦᠯᠦᠭᠰᠡᠨ ᠤᠴᠢᠷ ᠡᠴᠡ ᠲᠡᠦᠬᠡᠨ ᠳᠤ ᠴᠢᠬᠤᠯᠠ ᠪᠠᠢ᠌ᠷᠢ ᠶᠢ ᠡᠵᠡᠯᠡᠨ᠎ᠡ᠃ ᠠᠯᠲᠠᠨ ᠬᠠᠨ ᠦ ᠳᠤᠷᠠᠳᠤᠨ ᠭᠠᠷᠭᠠᠭᠰᠠᠨ ᠨᠠᠢ᠌ᠷᠠᠮᠳᠠᠯ ᠶᠢᠨᠷ ᠠᠷᠠᠯᠵᠢᠶ ᠠ ᠬᠢᠵᠦ ᠂ ᠬᠠᠤᠯᠢ ᠪᠡᠷ ᠵᠠᠬ᠎ᠠ ᠶᠢ ᠵᠠᠰᠠᠬᠤ ᠦᠵᠡᠯ ᠰᠠᠨᠠᠭ᠎ᠠ ᠵᠢᠴᠢ ᠲᠡᠭᠦᠨ ᠦ ᠴᠦᠭᠦᠷᠡᠰᠢ ᠦᠭᠡᠢ ᠴᠢᠷᠮᠠᠢ᠌ᠯᠭ᠎ᠠ ᠨᠢ ᠮᠣᠩᠭᠣᠯ ᠬᠢᠭᠡᠳ ᠮᠢᠩ ᠤᠯᠤᠰ ᠤᠨ ᠬᠠᠭᠤᠷᠤᠨᠳᠤᠬᠢ ᠠᠷᠠᠯᠵᠢᠶ ᠠ ᠬᠤᠳᠠᠯᠳᠤᠭ᠎ᠠ ᠶᠢ ᠬᠡᠪ ᠤᠨ ᠪᠠᠢ᠌ᠳᠠᠯ ᠳᠤ ᠤᠷᠤᠭᠤᠯᠵᠤ ᠂ 200 ᠭᠠᠷᠤᠢ ᠵᠢᠯ ᠶᠡᠷᠤ ᠡᠴᠡ ᠭᠠᠷᠴᠤ ᠦᠩᠬᠡᠷᠡᠭᠰᠡᠨ ᠦᠭᠡᠢ ᠡᠩᠬᠡ ᠲᠠᠢ᠌ᠪᠤᠩ ᠤᠨ ᠪᠠᠢ᠌ᠳᠠᠯ ᠢ ᠪᠤᠢ ᠪᠤᠯᠭᠠᠭᠰᠠᠨ ᠶᠤᠮ ᠃ ᠵᠤᠬᠢᠶᠠᠭᠴᠢ ᠡᠴᠡ ᠠᠯᠲᠠᠨ ᠬᠠᠨ ᠦ ᠠᠵᠤ ᠠᠬᠤᠢ ᠶᠢᠨ ᠦᠵᠡᠯ ᠰᠠᠨᠠᠭ᠎ᠠ ᠨᠢ ᠨᠠᠢ᠌ᠷᠠᠮᠳᠠᠯ ᠶᠢᠨᠷ ᠠᠷᠠᠯᠵᠢᠶ ᠠ ᠬᠤᠳᠤᠯᠳᠤᠭ᠎ᠠ ᠬᠢᠵᠦ ᠂ ᠵᠠᠬ᠎ᠠ ᠶᠢ ᠬᠠᠤᠯᠢ ᠪᠡᠷ ᠵᠠᠰᠠᠬᠤ ᠂ ᠲᠠᠷᠢᠶᠠᠯᠠᠩ᠂ ᠭᠠᠷ ᠦᠢᠯᠡᠳᠪᠦᠷᠢᠯᠡᠯ ᠢ ᠬᠦᠭ᠍ᠵᠢᠭᠦᠯᠬᠦ ᠪᠠ ᠬᠤᠪᠢ ᠶᠢᠨ ᠦᠮᠴᠢᠯᠡᠯ ᠬᠠᠯᠳᠠᠵᠤ ᠪᠤᠯᠤᠰᠢ ᠦᠭᠡᠢ ᠠᠷᠢᠭᠤᠨ ᠳᠠᠷᠬᠠᠨ ᠬᠡᠬᠦ ᠵᠡᠷᠭᠡ ᠳᠡᠭᠡᠷ ᠡ ᠲᠦᠪᠯᠡᠷᠡᠨ ᠢᠯᠡᠷᠡᠵᠦ ᠪᠤᠢ ᠭᠡᠵᠦ ᠦᠵᠡᠪᠡ ᠃ |