Paper Information


Title ᠣᠳᠣ ᠦᠶ᠎ᠡ ᠶᠢᠨ ᠣᠢ᠌ᠷᠠᠳ ᠤᠳᠬ᠎ᠠ ᠵᠣᠬᠢᠶᠠᠯ ᠤᠨ ᠲᠣᠢ᠌ᠮᠣ
Creator ᠰᠦᠶᠦᠬᠡ
Keyword ᠣᠳᠣ ᠦᠶ᠎ᠡ; ᠣᠢ᠌ᠷᠠᠳ ᠤᠳᠬ᠎ᠠ ᠵᠣᠬᠢᠶᠠᠯ
Abstract ᠦᠭᠦᠯᠡᠯ ᠳᠥ ᠣᠳᠣ ᠦᠶ᠎ᠡ ᠶᠢᠨ ᠣᠢ᠌ᠷᠠᠳ ᠤᠳᠬ᠎ᠠ ᠵᠣᠬᠢᠶᠠᠯ ᠤᠨ ᠡᠭᠦᠰᠦᠯ ᠬᠦᠭ᠍ᠵᠢᠯ ᠢ ᠪᠣᠳᠠᠳᠤ ᠵᠣᠬᠢᠶᠠᠯ ᠪᠦᠲᠦᠭᠡᠯ ᠢᠶᠡᠷ ᠪᠠᠷᠢᠮᠲᠠ ᠪᠣᠯᠭᠠᠵᠤ᠂ ᠲᠡᠭᠦᠨ ᠦ ᠦᠨᠳᠦᠰᠦᠨ ᠪᠠᠢ᠌ᠳᠠᠯ ᠲᠦᠷᠬᠦ ᠶᠢ ᠨᠣᠲᠠᠯᠠᠨ ᠦᠭᠦᠯᠡᠵᠡᠢ᠃ ᠭᠡᠬᠦ ᠳᠥ ᠪᠡᠨ ᠣᠳᠣ ᠦᠶ᠎ᠡ ᠶᠢᠨ ᠣᠢ᠌ᠷᠠᠳ ᠤᠳᠬ᠎ᠠ ᠵᠣᠬᠢᠶᠠᠯ ᠤᠨ ᠲᠣᠢ᠌ᠮᠣ ᠳᠣᠭᠠᠴᠢᠯᠲᠠ᠂ ᠣᠳᠣ ᠦᠶ᠎ᠡ ᠶᠢᠨ ᠢᠷᠠᠭᠤ ᠨᠠᠢ᠌ᠷᠠᠭ᠂ ᠣᠳᠣ ᠦᠶ᠎ᠡ ᠶᠢᠨ ᠲᠣᠭᠤᠵᠢᠰ ᠵᠡᠷᠭᠡ ᠭᠤᠷᠪᠠᠨ ᠲᠣᠮᠣ ᠬᠡᠰᠡᠭ ᠲᠥ ᠬᠣᠪᠢᠶᠠᠨ ᠰᠦᠪᠡᠭ᠍ᠴᠢᠯᠡᠯ ᠦᠷᠨᠢᠭᠦᠯᠵᠦ ᠰᠢᠨᠵᠢᠶᠠᠩ ᠣᠷᠤᠨ᠂ ᠬᠦᠬᠡᠨᠠᠭᠤᠷ ᠮᠣᠵᠢ᠂ ᠭᠠᠨᠰᠤ ᠮᠣᠵᠢ ᠶᠢᠨ ᠰᠦᠪᠸᠢ ᠣᠷᠤᠨ ᠤ ᠮᠣᠩᠭ᠋ᠣᠯᠴᠤᠳ ᠤᠨ ᠵᠣᠬᠢᠶᠠᠯ ᠪᠦᠲᠦᠭᠡᠯ ᠢ ᠴᠦᠮ ᠰᠣᠳᠤᠯᠭᠠᠨ ᠤ ᠬᠠᠷᠠᠭᠠᠨ ᠳᠤ ᠪᠠᠨ ᠣᠷᠤᠭᠤᠯᠵᠤ᠂ ᠠᠪᠰᠠᠷ ᠪᠦᠭᠡᠳ ᠰᠢᠰᠲ᠋ᠸᠮ ᠲᠠᠢ ᠦᠭᠦᠯᠡᠭᠰᠡᠨ ᠪᠠᠢ᠌ᠨ᠎ᠠ᠃ ᠲᠡᠭᠡᠭᠡᠳ ᠣᠢ᠌ᠷᠠᠳ ᠤᠳᠬ᠎ᠠ ᠵᠣᠬᠢᠶᠠᠯ ᠢ ᠳᠤᠮᠳᠠᠳᠤ ᠤᠯᠤᠰ ᠤᠨ ᠮᠣᠩᠭᠣᠯ ᠤᠳᠬ᠎ᠠ ᠵᠣᠬᠢᠶᠠᠯ ᠤᠨ ᠤᠷᠭᠠᠨᠢᠭ ᠴᠣᠭᠴᠠ ᠶᠢᠨ ᠰᠠᠯᠵᠤ ᠪᠣᠯᠤᠰᠢ ᠦᠭᠡᠢ ᠴᠢᠬᠤᠯᠠ ᠨᠢᠭᠡᠨ ᠪᠦᠷᠢᠯᠳᠦᠭᠡᠨ ᠢᠶᠡᠷ ᠦᠵᠡᠬᠦ ᠶᠢᠨ ᠳᠠᠭᠠᠤ᠂ ᠣᠷᠤᠨ ᠨᠤᠲᠤᠭ ᠤᠨ ᠦᠪᠡᠷᠮᠢᠴᠡ ᠣᠨᠴᠠᠯᠢᠭ ᠢ ᠨᠢ ᠴᠣ ᠨᠢᠭ᠌ᠲᠠᠯᠠᠨ ᠭᠠᠷᠭᠠᠭᠰᠠᠨ ᠶᠣᠮ᠃
Original Literature View Original Paper
出自 内蒙古民族大学学报(社会科学) 2008年 第4期

联系我们


内蒙古大学图书馆
呼和浩特市大学西路235号
中国·内蒙古
P: (0471) 4992561
E: huangfeilong@imu.edu.cn