| Title | 
                ᠰᠢᠨᠠ ᠠᠷᠠᠳᠴᠢᠯᠠᠭᠰᠠᠨ ᠬᠤᠪᠢᠰᠬᠠᠯ ᠤᠨ ᠦᠶ ᠡ ᠳ᠋ᠡᠬᠢ ᠨᠠᠮ ᠤᠨ ᠦᠨᠳᠦᠰᠦᠲᠡᠨ ᠤ ᠲᠦᠷᠦ ᠶᠢᠨ ᠪᠣᠳᠤᠯᠭᠠ ᠵᠢ ᠲᠣᠷᠰᠢᠨ ᠦᠭᠦᠯᠡᠬᠦ ᠨᠢ | 
            
            
                | Creator | 
                ᠹᠦᠱᠦ᠋ᠨ | 
            
            
                | Keyword | 
                ᠨᠠᠮ ᠤᠨ ᠦᠨᠳᠦᠰᠦᠲᠡᠨ ᠤ ᠲᠦᠷᠦ ᠶᠢᠨ ᠪᠣᠳᠤᠯᠭᠠ | 
            
            
                | Abstract | 
                ᠲᠤᠰ ᠦᠭᠦᠯᠡᠯ ᠳ᠋ᠤ᠂ ᠰᠢᠨᠡ ᠠᠷᠠᠳᠴᠢᠠᠯᠭᠰᠠᠨ ᠬᠣᠪᠢᠰᠬᠠᠯ ᠤᠨ ᠦᠶ ᠡ ᠳ᠋ᠡᠬᠢ ᠲᠤᠮᠳᠠᠳᠤ ᠤᠯᠤᠰ ᠤᠨ  ᠡᠪ ᠬᠠᠮᠳᠤ ᠨᠠᠮ ᠤᠨ ᠦᠨᠳᠦᠰᠦᠲᠡᠨ ᠤ ᠲᠦᠷᠦ ᠶᠢᠨ ᠪᠣᠳᠤᠯᠭᠠ ᠶᠢᠨ ᠪᠦᠷᠯᠳᠦᠭᠰᠡᠨ ᠶᠠᠪᠤᠴᠠ ᠵᠢ  ᠦᠭᠦᠯᠡᠪᠡ᠃ ᠨᠠᠮ ᠪᠠᠢᠭᠤᠯᠤᠭᠳᠠᠭᠠᠳ ᠨᠡᠯᠢᠶᠡᠳ ᠤᠷᠲᠤ  ᠬᠤᠭᠤᠴᠠᠭᠠᠨ ᠳ᠋ᠤ᠂ ᠲᠤᠰᠠᠭᠠᠷ ᠲᠤᠭᠳᠠᠨᠢᠯ ᠪᠠ  ᠦᠪᠡᠷᠲᠡᠭᠡᠨ ᠰᠢᠢᠳᠪᠦᠷᠢᠯᠷᠬᠦ ᠡᠷᠬᠡ ᠵᠢ  ᠴᠢᠩᠭᠠᠳᠬᠠᠨ᠂ ᠬᠤᠯᠪᠤᠭᠠᠳᠤ ᠤᠯᠤᠰ ᠤᠨ  ᠲᠦᠷᠢᠮ ᠢ ᠬᠡᠷᠡᠭᠵᠢᠬᠦᠯᠬᠦ ᠪᠡᠷ ᠵᠣᠷᠢᠵᠤ ᠪᠠᠢᠭᠰᠠᠨ᠂ ᠶᠠᠫᠤᠨ=ᠢ ᠡᠰᠡᠷᠭᠦᠴᠡᠬᠦ ᠲᠠᠢᠨ ᠤ ᠡᠬᠢᠨ ᠤ ᠦᠶ ᠡ ᠳ᠋ᠤ᠂ ᠦᠪᠡᠷᠲᠡᠭᠡᠨ ᠰᠢᠢᠳᠪᠦᠷᠢᠯᠷᠬᠦ ᠪᠠ  ᠦᠪᠡᠷᠲᠡᠭᠡᠨ ᠵᠠᠰᠠᠬᠤ ᠵᠢ ᠵᠡᠷᠭᠡᠴᠡᠬᠦᠯᠦᠨ ᠲᠤᠷᠠᠳᠴᠤ᠂ ᠰᠡᠬᠦᠯᠴᠢ ᠶᠢᠨ ᠦᠶ ᠡ  ᠳ᠋ᠤᠨᠢ  ᠦᠪᠡᠷᠲᠡᠭᠡᠨ ᠵᠠᠰᠠᠬᠤ ᠵᠢ ᠴᠢᠬᠤᠯᠠᠴᠢᠯᠠᠬᠤ ᠪᠣᠯᠤᠭᠰᠠᠨ ᠮᠦᠷᠲᠡᠭᠡᠨ ᠲᠡᠭᠦᠨ ᠢ ᠮᠠᠨ ᠤ ᠤᠯᠤᠰ ᠤᠨ ᠦᠨᠳᠦᠰᠦᠲᠡᠨ ᠤ ᠤᠷᠤᠨ ᠤ ᠠᠰᠠᠭᠤᠳᠠᠯ ᠢ ᠰᠢᠢᠳᠪᠦᠷᠢᠯᠡᠬᠦ  ᠦᠨᠳᠦᠰᠨ ᠲᠦᠷᠦ ᠶᠢᠨ ᠪᠣᠳᠤᠯᠭᠠ ᠪᠣᠯᠭᠠᠨ ᠲᠤᠭᠲᠠᠭᠠᠵᠠᠢ ᠭᠡᠵᠦ ᠭᠤᠷᠪᠠᠨ ᠱᠠᠲᠤ ᠦᠶ ᠡ ᠬᠣᠪᠢᠶᠠᠨ ᠵᠠᠳᠠᠯᠵᠠᠢ᠃ ᠪᠠᠰᠠ ᠲᠤᠮᠳᠠᠳᠤ ᠤᠯᠤᠰ  ᠤᠨ ᠡᠪ ᠬᠠᠮᠳᠤ ᠨᠠᠮ ᠡᠴᠡ ᠡᠨᠡᠬᠦ  ᠦᠨᠳᠦᠰᠦᠲᠡᠨ ᠤ  ᠠᠰᠠᠭᠤᠳᠠᠯ ᠢ ᠰᠢᠢᠳᠪᠦᠷᠢᠯᠡᠬᠦ  ᠵᠦᠪ ᠤᠨᠤᠪᠴᠢᠲᠠᠢ ᠲᠦᠷᠦ ᠶᠢᠨ ᠪᠣᠳᠤᠯᠭᠠ ᠵᠢ ᠲᠤᠭᠲᠠᠭᠠᠭᠰᠠᠨ ᠨᠢ  ᠲᠡᠢᠮᠦ ᠬᠢᠯᠪᠠᠷᠬᠠᠨ ᠶᠠᠪᠤᠳᠠᠯ ᠪᠢᠰᠢ ᠶᠣᠮ᠃ ᠬᠠᠷᠢᠨ ᠤᠷᠲᠤ ᠬᠤᠭᠤᠴᠠᠭᠠᠨ ᠤ  ᠬᠠᠲᠠᠭᠤ ᠪᠡᠷᠬᠡᠰᠢᠶᠡᠯᠲᠡᠢ ᠤᠨᠤᠯ ᠤᠨ ᠰᠣᠳᠣᠯᠣᠯ ᠪᠠ  ᠦᠢᠯᠡᠳᠦᠯᠭᠡ ᠶᠢᠨ ᠰᠢᠨᠵᠢᠯᠡᠯ ᠢ ᠲᠠᠮᠵᠢᠭᠠᠳ ᠰᠠᠶᠢ ᠪᠤᠢ ᠪᠣᠯᠤᠭᠰᠠᠨ ᠲᠣᠬᠠᠢ ᠲᠤᠷᠠᠳᠪᠠ᠃ | 
            
            
                | Original Literature | 
                
                    
                    No Original Paper
                    
                 | 
            
          
            | 出自 | 
            
              内蒙古师范大学学报
              1998年
               第4期
             |