Paper Information


Title ᠮᠤᠩᠭ᠋ᠤᠯ ᠬᠠᠭᠠᠨᠳᠤ ᠤᠯᠤᠰ ᠪᠠ ᠶᠤᠸᠠᠨ ᠤᠯᠤᠰ ᠤᠨ ᠦᠶ᠎ᠡ ᠶᠢᠨ ᠠᠷᠠᠳ ᠤᠨ ᠲᠠᠭᠤᠤ ᠶᠢᠨ ᠨᠡᠢ᠌ᠭᠡᠮ ᠰᠤᠶᠤᠯ ᠤᠨ ᠦᠨᠳᠦᠰᠦ ᠰᠤᠷᠪᠤᠯᠵᠢ
Creator ᠴᠠᠩ ᠵᠢᠶᠸ
Keyword ᠮᠤᠩᠭ᠋ᠤᠯ; ᠶᠤᠸᠠᠨ ᠤᠯᠤᠰ; ᠠᠷᠠᠳ ᠤᠨ ᠲᠠᠭᠤᠤ; ᠮᠠᠯᠵᠢᠯ ᠤᠨ ᠲᠠᠭᠤᠤ; ᠠᠯᠪᠠᠨ ᠴᠡᠷᠢᠭ ᠤᠨ ᠲᠠᠭᠤᠤ; ᠨᠠᠢ᠌ᠷ ᠤᠨ ᠲᠠᠭᠤᠤ
Abstract ᠮᠤᠩᠭ᠋ᠤᠯ ᠬᠠᠭᠠᠨᠳᠤ ᠤᠯᠤᠰ᠂ ᠶᠤᠸᠠᠨ ᠤᠯᠤᠰ ᠤᠨ ᠦᠶ᠎ᠡ ᠪᠤᠯ ᠮᠤᠩᠭ᠋ᠤᠯ ᠦᠨᠳᠦᠰᠦᠳᠡᠨ ᠤ ᠤᠯᠤᠰ ᠲᠦᠷᠦ᠂ ᠠᠵᠤ ᠠᠬᠤᠢ᠂ ᠰᠤᠶᠤᠯ ᠦᠷᠨᠢᠨ ᠬᠦᠭ᠍ᠵᠢᠭᠰᠡᠨ ᠴᠠᠭ ᠦᠶ᠎ᠡ ᠪᠤᠯᠬᠤ ᠪᠦᠭᠡᠳ ᠮᠤᠩᠭ᠋ᠤᠯ ᠤᠨ ᠨᠡᠢ᠌ᠭᠡᠮ ᠠᠭᠠᠵᠢᠮ ᠶᠢᠡᠷ ᠹᠸᠤᠳᠠᠯ ᠤᠨ ᠨᠡᠢ᠌ᠭᠡᠮ ᠳᠤ ᠰᠢᠯᠵᠢᠭᠰᠡᠨ ᠤᠨᠴᠠᠭᠠᠢ ᠱᠠᠳᠤ ᠦᠶ᠎ᠡ ᠪᠤᠯᠬᠤ ᠶᠤᠮ᠃ ᠡᠨᠡ ᠬᠦ ᠲᠡᠦᠬᠡᠳᠦ ᠬᠤᠭᠤᠴᠠᠭᠠᠨ ᠳᠤ ᠮᠤᠩᠭ᠋ᠤᠯ ᠠᠷᠠᠳ ᠤᠨ ᠲᠠᠭᠤᠤ ᠨᠢ ᠴᠤ 13 ᠳ᠋ᠤᠭᠠᠷ ᠵᠠᠭᠤᠨ ᠡᠴᠡ ᠡᠮᠦᠨᠡᠬᠢ ᠤᠮᠠᠷᠠᠳᠤ ᠶᠢᠨ ᠡᠷᠳᠡᠨ ᠤ ᠨᠡᠭᠦᠳᠡᠯᠴᠢᠨ ᠦᠨᠳᠦᠰᠦᠳᠡᠨ ᠤ ᠠᠷᠠᠳ ᠤᠨ ᠲᠠᠭᠤᠤ ᠶᠢᠨ ᠦᠪ ᠤᠯᠠᠮᠵᠢᠯᠠᠯ ᠢ ᠵᠠᠯᠭᠠᠮᠵᠢᠯᠠᠨ ᠮᠠᠰᠢ ᠲᠦᠷᠭᠡᠨ ᠶᠢᠡᠷ ᠬᠦᠭ᠍ᠵᠢᠨ ᠪᠠᠳᠠᠷᠠᠭᠰᠠᠨ ᠪᠠᠢ᠌ᠨ᠎ᠠ᠃ ᠡᠭᠦᠨ ᠳᠤ ᠮᠠᠯᠵᠢᠯ ᠤᠨ ᠲᠠᠭᠤᠤ᠂ ᠠᠯᠪᠠᠨ ᠴᠡᠷᠢᠭ ᠤᠨ ᠲᠠᠭᠤᠤ᠂ ᠨᠠᠢ᠌ᠷ ᠤᠨ ᠲᠠᠭᠤᠤ ᠨᠢ ᠪᠤᠰᠤᠳ ᠲᠦᠷᠦ ᠤᠨ ᠲᠠᠭᠤᠤ ᠨᠤᠭᠤᠳ ᠡᠴᠡ ᠪᠠᠨ ᠬᠦᠭ᠍ᠵᠢᠭ᠍ᠰᠡᠨ ᠨᠢ ᠲᠤᠪᠤᠢ᠌ᠮ᠎ᠠ ᠪᠠᠢ᠌ᠳᠠᠭ᠃ ᠡᠨᠡ ᠨᠢ ᠲᠤᠬᠠᠢ ᠶᠢᠨ ᠦᠶ᠎ᠡ ᠶᠢᠨ ᠮᠤᠩᠭ᠋ᠤᠯ ᠤᠨ ᠨᠡᠢ᠌ᠭᠡᠮ ᠤᠨ ᠠᠬᠤᠢ ᠪᠠᠢ᠌ᠳᠠᠯ ᠡᠴᠡ ᠰᠢᠯᠳᠠᠭᠠᠯᠠᠭᠳᠠᠭᠰᠠᠨ ᠶᠤᠮ᠃
Original Literature View Original Paper
出自 中国蒙古学 2012年 第1期

联系我们


内蒙古大学图书馆
呼和浩特市大学西路235号
中国·内蒙古
P: (0471) 4992561
E: huangfeilong@imu.edu.cn