Title |
ᠣᠳᠣ ᠦᠶ᠎ᠡ ᠶᠢᠨ ᠮᠣᠩᠭᠣᠯ ᠰᠢᠯᠦᠭ ᠲᠡᠬᠢ ᠰᠤᠶᠤᠯ ᠤᠨ ᠵᠤᠷᠢᠭ ᠰᠠᠨᠠᠭ᠎ᠠ (ᠨᠢᠭᠡ) |
Creator |
ᠬᠠᠶᠢᠷᠬᠠᠨ |
Keyword |
ᠣᠳᠣ ᠦᠶ᠎ᠡ; ᠮᠣᠩᠭᠣᠯ ᠰᠢᠯᠦᠭ; ᠰᠤᠶᠤᠯ ᠤᠨ ᠵᠤᠷᠢᠭ ᠰᠠᠨᠠᠭ᠎ᠠ; ᠪᠠᠭᠠᠲᠤᠷᠯᠢᠭ ᠦᠵᠡᠯ; ᠬᠦᠮᠦᠨ ᠪᠠᠶᠢᠭᠠᠯᠢ ᠶᠢᠨ ᠰᠢᠲᠦᠯᠴᠡᠭᠡ |
Abstract |
ᠰᠤᠶᠤᠯ ᠤᠨ ᠵᠤᠷᠢᠭ ᠰᠠᠨᠠᠭ᠎ᠠ ᠪᠤᠯ ᠦᠨᠳᠦᠰᠦᠲᠡᠨ ᠦ ᠰᠤᠶᠤᠯ ᠤᠨ ᠤᠯᠠᠮᠵᠢᠯᠠᠯ ᠤᠨ ᠭᠦᠨ ᠳᠠᠪᠬᠤᠷᠭ᠎ᠠ ᠶᠢᠨ ᠠᠭᠤᠯᠭ᠎ᠠ ᠶᠤᠮ᠃ ᠤᠯᠠᠮᠵᠢᠯᠠᠯ ᠢᠶᠠᠨ ᠵᠠᠯᠭᠠᠮᠵᠢᠯᠠᠬᠤ ᠭᠡᠳᠡᠭ ᠦᠨ ᠨᠡᠩ ᠡᠴᠢᠨ᠎ᠡ ᠤᠳᠬ᠎ᠠ ᠨᠢ ᠰᠤᠶᠤᠯ ᠤᠨ ᠵᠤᠷᠢᠭ ᠰᠠᠨᠠᠭ᠎ᠠ ᠪᠠᠨ ᠵᠠᠯᠭᠠᠮᠵᠢᠯᠠᠨ ᠲᠡᠭᠦᠨ ᠢ ᠰᠢᠨ᠎ᠡ ᠪᠠᠶᠢᠳᠠᠯ ᠳᠤᠤᠷ᠎ᠠ ᠳᠠᠬᠢᠵᠤ ᠴᠤᠭᠴᠠᠯᠠᠬᠤ ᠶᠠᠪᠤᠳᠠᠯ ᠶᠤᠮ᠃ ᠣᠳᠣ ᠦᠶ᠎ᠡ ᠶᠢᠨ ᠮᠣᠩᠭᠣᠯ ᠰᠢᠯᠦᠭ᠂ ᠬᠦᠴᠦᠷᠬᠡᠭ᠌ ᠶᠡᠬᠡ ᠡᠵᠡᠮᠳᠡᠯ ᠳᠤᠤᠷ᠎ᠠ ᠬᠢᠵᠠᠭᠠᠷᠲᠠᠢ ᠲᠡᠯᠴᠢᠯᠡᠯᠲᠡ ᠬᠢᠵᠦ ᠦᠨᠳᠦᠰᠦᠲᠡᠨ ᠦ ᠰᠤᠶᠤᠯ ᠤᠨ ᠵᠤᠷᠢᠭ ᠰᠠᠨᠠᠭ᠎ᠠ ᠪᠠᠨ ᠨᠢᠭᠤᠴᠠᠯᠠᠨ ᠬᠠᠳᠠᠭᠠᠯᠵᠤ ᠢᠷᠡᠵᠡᠢ᠃ ᠬᠡᠷᠪᠡ ᠤᠳᠤ ᠦᠶ᠎ᠡ ᠶᠢᠨ ᠮᠣᠩᠭᠣᠯ ᠰᠢᠯᠦᠭ ᠢ ᠤᠯᠠᠮᠵᠢᠯᠠᠯ ᠢᠶᠠᠨ ᠵᠠᠯᠭᠠᠮᠵᠢᠯᠠᠵᠠᠢ ᠭᠡᠳᠡᠭ ᠪᠤᠯ ᠰᠤᠶᠤᠯ ᠤᠨ ᠵᠤᠷᠢᠭ ᠰᠠᠨᠠᠭᠠᠨ ᠤ ᠵᠠᠯᠭᠠᠮᠵᠢᠯᠠᠯ ᠪᠠ ᠤᠯᠠᠮᠵᠢᠯᠠᠯ ᠨᠢ ᠲᠡᠭᠦᠨ ᠦ ᠬᠠᠮᠤᠭ ᠴᠢᠬᠤᠯᠠ ᠪᠦᠲᠦᠮᠵᠢ ᠶᠢᠨ ᠨᠢᠭᠡ ᠪᠠᠶᠢᠵᠤ ᠲᠠᠭᠠᠷᠠᠨ᠎ᠠ᠃ ᠦᠭᠦᠯᠡᠯ ᠳᠦ ᠪᠠᠭᠠᠲᠤᠷᠯᠢᠭ ᠦᠵᠡᠯ ᠦᠨ ᠵᠤᠷᠢᠭ ᠰᠠᠨᠠᠭ᠎ᠠ ᠪᠠ ᠬᠦᠮᠦᠨ ᠪᠠᠶᠢᠭᠠᠯᠢ ᠰᠢᠲᠦᠯᠴᠡᠬᠦ ᠵᠤᠷᠢᠭ ᠰᠠᠨᠠᠭ᠎ᠠ ᠤᠳᠤ ᠦᠶ᠎ᠡ ᠶᠢᠨ ᠮᠣᠩᠭᠣᠯ ᠰᠢᠯᠦᠭ ᠲᠦ ᠬᠡᠷᠬᠢᠨ ᠤᠯᠠᠮᠵᠢᠯᠠᠭᠳᠠᠭᠰᠠᠨ ᠢ ᠶᠠᠷᠢᠯᠴᠠᠪᠠ᠃ |
Original Literature |
View Original Paper
|
出自 |
内蒙古社会科学(蒙文版)
2006年
第4期
|