Paper Information


Title 《ᠲᠤᠮᠤᠭ》 ᠬᠡᠮᠡᠬᠦ ᠲᠤᠮᠢᠶ᠎ᠠ ᠶᠢ ᠡᠷᠳᠡᠮ ᠰᠢᠨᠵᠢᠯᠡᠭᠡᠨ ᠤ ᠬᠡᠷᠡᠭᠯᠡᠭᠡᠨ ᠳᠤ ᠲᠦᠷᠢᠮᠵᠢᠭᠦᠯᠬᠦ ᠲᠤᠬᠠᠢ
Creator ᠮᠦᠩᠬᠡᠵᠠᠶᠠᠭ᠎ᠠ
Keyword 《ᠲᠤᠮᠤᠭ》; ᠮᠢᠹ ᠪᠠ ᠯᠸᠭᠸᠨᠳ᠋ ᠤᠨ ᠤᠤᠷ ᠰᠢᠨᠵᠢ; ᠲᠦᠷᠢᠮᠵᠢᠭᠦᠯᠬᠦ
Abstract ᠲᠤᠰ ᠦᠭᠦᠯᠡᠯ ᠳᠤ᠂ 《ᠲᠤᠮᠤᠭ》 ᠬᠡᠮᠡᠬᠦ ᠨᠡᠷ᠎ᠡ ᠲᠤᠮᠢᠶ᠎ᠠ ᠶᠢᠨ ᠡᠷᠳᠡᠮ ᠰᠢᠨᠵᠢᠯᠡᠭᠡᠨ ᠳᠤ ᠬᠢ ᠬᠡᠷᠡᠭᠯᠡᠯ ᠤᠨ ᠨᠢᠭᠡᠳᠦᠯᠳᠡᠢ ᠪᠤᠰᠤ ᠡᠭᠡᠳᠡᠷᠡᠭᠡᠨᠳᠦ ᠪᠠᠢ᠌ᠳᠠᠯ ᠢ ᠨᠠᠷᠢᠪᠴᠢᠯᠠᠨ ᠲᠤᠩᠭ᠋ᠠᠵᠤ᠂ 《ᠲᠤᠮᠤᠭ》 ᠬᠡᠮᠡᠬᠦ ᠦᠭᠡ ᠶᠢᠨ ᠢᠵᠠᠭᠤᠷ ᠤᠳᠬ᠎ᠠ ᠵᠢᠴᠢ ᠤᠯᠠᠮᠵᠢᠯᠠᠯᠳᠤ ᠬᠡᠷᠡᠭᠯᠡᠭᠡᠨ ᠤ ᠤᠳᠬ᠎ᠠ᠂ ᠮᠢᠹ ᠪᠠ ᠯᠸᠭᠸᠨᠳ᠋ ᠤᠨ ᠤᠤᠷ ᠰᠢᠨᠵᠢ ᠵᠢᠴᠢ ᠬᠤᠭᠤᠷᠤᠨᠳᠤ ᠶᠢᠨ ᠢᠯᠠᠭᠠᠭ᠎ᠠ ᠶᠢ ᠤᠨᠤᠯ ᠵᠦᠢ ᠶᠢᠨ ᠡᠭᠦᠳᠡᠨ ᠡᠴᠡ ᠵᠠᠳᠠᠯᠤᠨ ᠲᠤᠳᠤᠷᠬᠠᠢ᠌ᠯᠠᠭᠠᠳ ᠡᠷᠳᠡᠮ ᠰᠢᠨᠵᠢᠯᠡᠭᠡᠨ ᠤ ᠬᠡᠷᠡᠭᠯᠡᠯ ᠳᠤ ᠮᠢᠹ ᠢ 《ᠰᠢᠳᠢᠳᠦ ᠦᠯᠢᠭᠡᠷ》 ᠬᠡᠮᠡᠬᠦ ᠨᠡᠷ᠎ᠡ ᠲᠤᠮᠢᠶ᠎ᠠ ᠪᠡᠷ᠂ ᠯᠸᠭᠸᠨᠳ᠋ ᠢ 《ᠲᠤᠮᠤᠭ》 (ᠲᠤᠮᠤᠭ ᠶᠠᠷᠢᠶ᠎ᠠ)ᠬᠡᠮᠡᠬᠦ ᠨᠡᠷ᠎ᠡ ᠲᠤᠮᠢᠶ᠎ᠠ ᠪᠡᠷ ᠨᠡᠷᠡᠢ᠌ᠳᠴᠦ᠂ 《ᠲᠤᠮᠤᠭ》 ᠬᠡᠮᠡᠬᠦ ᠨᠡᠷ᠎ᠡ ᠲᠤᠮᠢᠶ᠎ᠠ ᠶᠢᠨ ᠡᠷᠳᠡᠮ ᠰᠢᠨᠵᠢᠯᠡᠭᠡᠨ ᠳᠤ ᠬᠢ ᠬᠡᠷᠡᠭᠯᠡᠭᠡᠨ ᠤ ᠡᠭᠡᠳᠡᠷᠡᠭᠡᠨ ᠢ ᠵᠦᠭᠰᠢᠷᠡᠭᠦᠯᠵᠦ ᠲᠦᠷᠢᠮᠵᠢᠭᠦᠯᠪᠡᠯ ᠵᠤᠬᠢᠨ᠎ᠠ ᠭᠡᠰᠡᠨ ᠦᠵᠡᠯᠳᠡ ᠶᠢ ᠲᠡᠪᠰᠢᠭᠦᠯᠪᠡ᠃
Original Literature View Original Paper
出自 内蒙古大学学报 2015年 第5期

联系我们


内蒙古大学图书馆
呼和浩特市大学西路235号
中国·内蒙古
P: (0471) 4992561
E: huangfeilong@imu.edu.cn