Paper Information


Title ᠬᠠᠷ᠎ᠠ ᠬᠤᠲᠠ ᠠᠴᠠ ᠤᠯᠳᠠᠭᠰᠠᠨ ᠠᠷᠪᠠᠨ ᠳᠦᠷᠪᠡᠳᠦᠭᠡᠷ ᠵᠠᠭᠤᠨ ᠤ ᠮᠤᠨᠭᠭᠤᠯ ᠭᠡᠷᠡᠴᠢ ᠪᠢᠴᠢᠭ᠌
Creator ᠴᠢᠤᠸᠠᠨ ᠷᠦᠩ
Keyword ᠬᠠᠷ᠎ᠠ ᠬᠤᠲᠠ; 14 ᠎ ᠳᠦᠭᠡᠷ ᠵᠠᠭᠤᠨ; ᠬᠤᠨᠢᠨ ᠵᠢᠯ ᠦᠨ ᠪᠢᠴᠢᠭ᠌
Abstract ᠦᠪᠦᠷ ᠮᠤᠨᠭᠭᠤᠯ ᠤᠨ ᠠᠷᠾᠸᠤᠯᠤᠬᠢ ᠰᠤᠳᠤᠯᠤᠯ ᠤᠨ ᠭᠠᠵᠠᠷ ᠪᠠ ᠠᠯᠠᠱᠠ ᠠᠶᠢᠮᠠᠭ ᠤᠨ ᠠᠷᠾᠸᠤᠯᠤᠬᠢ ᠶᠢᠨ ᠠᠩᠭᠢ ᠶᠢᠨ ᠬᠦᠴᠦᠨ ᠬᠠᠮᠳᠤᠷᠠᠭᠰᠠᠨ ᠰᠢᠨᠵᠢᠯᠡᠭᠡᠨ ᠦ ᠪᠠᠭ ᠤᠨ ᠬᠢᠨᠢ ᠬᠠᠷ᠎ᠠ ᠬᠤᠲᠠ ᠶᠢᠨ ᠪᠠᠭᠤᠷᠢ ᠠᠴᠠ ᠠᠯᠢ ᠤᠯᠠᠨ ᠬᠠᠭᠤᠴᠢᠨ ᠨᠤᠮ ᠰᠤᠳᠤᠷ᠂ ᠪᠢᠴᠢᠭ᠌ ᠮᠠᠲ᠋ᠧᠷᠢᠶᠠᠯ ᠰᠡᠯᠳᠡ ᠶᠢ ᠢᠯᠡᠷᠡᠭᠦᠯᠵᠡᠢ᠃ ᠡᠳᠡᠭᠡᠷ ᠰᠤᠶᠤᠯ ᠤᠨ ᠦᠯᠡᠳᠡᠴᠡ ᠨᠢ ᠪᠦᠬᠦᠶᠢᠯᠡ ᠮᠤᠨᠭᠭᠤᠯ ᠤᠨ ᠰᠤᠳᠤᠯᠤᠯ ᠳᠤ ᠴᠢᠬᠤᠯᠠ ᠦᠨ᠎ᠡ ᠴᠠᠨ᠎ᠠ ᠪᠠ ᠭᠦᠨ ᠭᠦᠨᠵᠡᠭᠡᠢ ᠤᠳᠬ᠎ᠠ ᠠᠭᠤᠯᠭ᠎ᠠ ᠲᠠᠢ ᠶᠤᠮ᠃ ᠡᠭᠦᠨ ᠳᠦ᠂ ᠡᠳᠡᠭᠡᠷ ᠰᠤᠶᠤᠯ ᠤᠨ ᠦᠯᠡᠳᠡᠴᠡ ᠶᠢᠨ ᠳᠤᠲᠤᠷ᠎ᠠ ᠠᠯᠢ ᠪᠦᠬᠦᠨ ᠡᠴᠡ ᠰᠤᠨᠢᠷᠬᠠᠯᠲᠠᠢ ᠨᠢᠭᠡᠨ ᠬᠤᠪᠢ ᠪᠢᠴᠢᠭ᠌ ᠭᠡᠪᠡᠯ᠂ ᠲᠤᠮᠤ ᠬᠠᠭᠤᠳᠠᠰᠤ ᠪᠦᠬᠦᠢ ᠬᠤᠯᠤᠰᠤᠨ ᠴᠠᠭᠠᠰᠤᠨ᠎ᠠ ᠪᠢᠴᠢᠭᠰᠡᠨ 《ᠬᠤᠨᠢᠨ ᠵᠢᠯ ᠦᠨ ᠪᠢᠴᠢᠭ᠌》ᠭᠡᠳᠡᠭ ᠮᠤᠳᠤᠨ ᠦᠵᠦᠭ ᠦᠨ ᠪᠢᠴᠢᠮᠡᠯ ᠪᠤᠢ᠃ ᠲᠤᠰ ᠪᠢᠴᠢᠭ᠌ ᠪᠤᠯ ᠲᠤᠬᠠᠢ ᠶᠢᠨ ᠴᠠᠭ ᠤᠨ ᠲᠡᠷᠡ ᠤᠷᠤᠨ ᠳᠠᠬᠢ ᠬᠦᠯ ᠤᠯᠠ ᠲᠠᠢ ᠲᠡᠦᠬᠡᠨ ᠮᠠᠲ᠋ᠧᠷᠢᠶᠠᠯ ᠪᠤᠯᠬᠤᠷ ᠰᠤᠤᠯᠭᠠᠨ ᠳᠤ ᠴᠢᠬᠤᠯᠠ ᠠᠴᠢ ᠬᠤᠯᠪᠤᠭᠳᠠᠯ ᠲᠠᠢ ᠭᠡᠳᠡᠭ ᠢ ᠶᠠᠭᠤᠨ ᠦᠭᠦᠯᠡᠬᠦ ᠪᠤᠢ᠃ ᠲᠤᠰ ᠦᠭᠦᠯᠡᠯ ᠳᠦ ᠦᠩᠭᠡᠷᠡᠭᠰᠡᠨ ᠬᠦᠮᠦᠰ ᠦᠨ ᠰᠤᠳᠤᠯᠭᠠᠨ ᠤ ᠪᠦᠲᠦᠭᠡᠯ ᠳᠦ ᠲᠤᠯᠭᠠᠭᠤᠷᠢᠯᠠᠵᠤ 《ᠬᠤᠨᠢᠨ ᠵᠢᠯ ᠦᠨ ᠪᠢᠴᠢᠭ᠌》ᠭᠡᠳᠡᠭ ᠡᠨᠡ ᠬᠦ 14᠎  ᠳᠦᠭᠡᠷ ᠵᠠᠭᠤᠨ ᠳᠠᠬᠢ ᠮᠤᠨᠭᠭᠤᠯ ᠭᠡᠷᠡᠴᠢ ᠪᠢᠴᠢᠭ᠌ ᠦᠨ ᠲᠤᠬᠠᠢ ᠠᠩ᠋ᠬᠠᠨ ᠤ ᠰᠢᠨᠵᠢᠯᠡᠭᠡ ᠬᠢᠪᠡ᠃
Original Literature View Original Paper
出自 中国蒙古学 2010年 第4期

联系我们


内蒙古大学图书馆
呼和浩特市大学西路235号
中国·内蒙古
P: (0471) 4992561
E: huangfeilong@imu.edu.cn