Paper Information


Title ᠮᠣᠩᠭ᠋ᠤᠯ ᠠᠷᠠᠳ ᠤᠨ ᠠᠮᠠᠨ ᠵᠤᠬᠢᠶᠠᠯ ᠤᠷᠠᠯᠢᠭ ᠰᠢᠨᠵᠢᠯᠡᠯ ᠦᠨ ᠴᠤᠭᠴᠠᠯᠠᠯᠲᠠ ᠶᠢᠨ ᠠᠰᠠᠭᠤᠳᠠᠯ ᠳᠤ
Creator ᠬᠦᠷᠡᠯᠱᠠ
Keyword ᠮᠣᠩᠭ᠋ᠤᠯ ᠠᠷᠠᠳ ᠤᠨ ᠠᠮᠠᠨ ᠵᠤᠬᠢᠶᠠᠯ ᠤᠷᠠᠯᠢᠭ ᠰᠢᠨᠵᠢᠯᠡᠯ; ᠰᠢᠨᠵᠢᠯᠡᠭᠡᠨ ᠦ ᠰᠠᠯᠠᠭ᠎ᠠ ᠶᠢᠨ ᠴᠤᠭᠴᠠᠯᠠᠯᠲᠠ; ᠠᠰᠠᠭᠤᠳᠠᠯ
Abstract ᠠᠷᠠᠳ ᠤᠨ ᠠᠮᠠᠨ ᠵᠤᠬᠢᠶᠠᠯ ᠤᠷᠠᠯᠢᠭ ᠰᠢᠨᠵᠢᠯᠡᠯ ᠪᠤᠯ ᠠᠷᠠᠳ ᠤᠨ ᠠᠮᠠᠨ ᠵᠤᠬᠢᠶᠠᠯ ᠤᠷᠠᠯᠢᠭ ᠢ ᠰᠤᠳᠤᠯᠬᠤ ᠰᠢᠨᠵᠢᠯᠡᠬᠦ ᠤᠬᠠᠭᠠᠨ ᠶᠤᠮ᠃ ᠣᠷᠴᠢᠨ ᠦᠶ᠎ᠡ ᠶᠢᠨ ᠰᠤᠳᠤᠯᠬᠤ ᠠᠷᠭ᠎ᠠ ᠶᠢ ᠬᠡᠷᠡᠭᠯᠡᠵᠦ ᠠᠷᠠᠳ ᠤᠨ ᠠᠮᠠᠨ ᠵᠤᠬᠢᠶᠠᠯ ᠤᠷᠠᠯᠢᠭ ᠤᠨ ᠮᠠᠲ᠋ᠧᠷᠢᠶᠠᠯ᠂ ᠵᠤᠬᠢᠶᠠᠯ ᠪᠦᠲᠦᠭᠡᠯ ᠦᠨ ᠣᠨᠴᠠᠯᠢᠭ᠂ ᠦᠨᠳᠦᠰᠦᠨ ᠵᠢᠮ᠎ᠡ ᠶᠤᠰᠤ᠂ ᠤᠭ ᠶᠤᠰᠤ ᠶᠢ ᠰᠤᠳᠤᠯᠳᠠᠭ ᠬᠦᠮᠦᠨ ᠰᠤᠶᠤᠯ ᠤᠨ ᠰᠢᠨᠵᠢᠯᠡᠬᠦ ᠤᠬᠠᠭᠠᠨ ᠪᠤᠯᠤᠨ᠎ᠠ᠃ ᠮᠣᠩᠭ᠋ᠤᠯ ᠠᠷᠠᠳ ᠤᠨ ᠠᠮᠠᠨ ᠵᠤᠬᠢᠶᠠᠯ ᠤᠷᠠᠯᠢᠭ ᠰᠢᠨᠵᠢᠯᠡᠯ ᠦᠨ ᠴᠤᠭᠴᠠᠯᠠᠯᠲᠠ ᠣᠷᠤᠯᠳᠤᠯᠭ᠎ᠠ ᠶᠡᠬᠡ ᠲᠦᠯᠦᠪ ᠮᠠᠨ ᠤ ᠤᠯᠤᠰ ᠤᠨ ᠬᠢᠲᠠᠳ ᠡᠷᠳᠡᠮᠲᠡᠳ ᠦᠨ ᠦᠷ᠎ᠡ ᠪᠦᠲᠦᠭᠡᠯ ᠲᠡᠢ ᠠᠳᠠᠯᠢᠬᠠᠨ ᠴᠠᠭ ᠦᠶ᠎ᠡ ᠳᠦ ᠪᠡᠶᠡᠯᠡᠭᠳᠡᠪᠡ᠃ ᠠᠷᠠᠳ ᠤᠨ ᠠᠮᠠᠨ ᠵᠤᠬᠢᠶᠠᠯ ᠪᠤᠯ 《ᠲᠤᠮᠤ ᠤᠳᠬ᠎ᠠ ᠵᠤᠬᠢᠶᠠᠯ》᠋ ᠳᠤ ᠬᠠᠷᠢᠶᠠᠯᠠᠭᠳᠠᠬᠤ ᠮᠦᠷᠲᠡᠭᠡᠨ 《ᠣᠨᠴᠠᠭᠠᠢ ᠤᠳᠬ᠎ᠠ ᠵᠤᠬᠢᠶᠠᠯ》 ᠭᠡᠳᠡᠭ ᠢ ᠳᠤᠪᠤᠢ᠌ᠯᠭᠠᠨ ᠪᠠᠷᠢᠮᠲᠠᠯᠠᠵᠤ᠂ ᠲᠡᠭᠦᠨ ᠦ ᠤᠳᠬ᠎ᠠ ᠵᠤᠬᠢᠶᠠᠯ ᠤᠷᠠᠯᠢᠭ ᠤᠨ ᠰᠢᠨᠵᠢ ᠶᠢ ᠬᠠᠶᠠᠯ ᠦᠭᠡᠢ ᠣᠨᠴᠠᠭᠠᠢ ᠤᠳᠬ᠎ᠠ ᠵᠤᠬᠢᠶᠠᠯ ᠤᠨ ᠰᠢᠨᠵᠢᠯᠡᠭᠡᠨ ᠦ ᠰᠠᠯᠠᠭ᠎ᠠ ᠪᠤᠯᠭᠠᠨ ᠴᠤᠭᠴᠠᠯᠠᠪᠠᠯ ᠵᠤᠬᠢᠨ᠎ᠠ᠃ ᠵᠠᠩ ᠦᠢᠯᠡ ᠶᠢᠨ ᠵᠦᠢ ᠬᠢᠭᠡᠳ ᠠᠷᠠᠳ ᠤᠨ ᠠᠮᠠᠨ ᠵᠤᠬᠢᠶᠠᠯ ᠤᠷᠠᠯᠢᠭ ᠰᠢᠨᠵᠢᠯᠡᠯ ᠲᠤᠰ ᠲᠤᠰ ᠪᠡᠶ᠎ᠡ ᠪᠡᠨ ᠳᠠᠭᠠᠭᠠᠭᠰᠠᠨ ᠰᠢᠨᠵᠢᠯᠡᠭᠡᠨ ᠦ ᠰᠠᠯᠠᠭ᠎ᠠ ᠪᠤᠯᠵᠤ ᠬᠦᠭ᠍ᠵᠢᠬᠦ ᠨᠢ ᠰᠢᠨᠵᠢᠯᠡᠭᠡᠨ ᠦ ᠰᠠᠯᠠᠭ᠎ᠠ᠂ ᠲᠤᠰᠬᠠᠢ ᠮᠡᠷᠭᠡᠵᠢᠯ ᠦᠨ ᠨᠠᠷᠢᠰᠬᠤ᠂ ᠳᠦᠷᠢᠮᠵᠢᠬᠦ᠂ ᠳᠤᠰᠬᠠᠢ᠌ᠵᠢᠬᠤ᠂ ᠲᠤᠭᠲᠠᠪᠤᠷᠢᠵᠢᠬᠤ ᠳᠤ ᠠᠰᠢᠭᠲᠠᠢ᠃
Original Literature No Original Paper
出自 内蒙古大学学报 2014年 第5期

联系我们


内蒙古大学图书馆
呼和浩特市大学西路235号
中国·内蒙古
P: (0471) 4992561
E: huangfeilong@imu.edu.cn