Paper Information


Title 《ᠬᠦᠬᠡᠬᠤᠲᠠ ᠶᠢᠨ ᠲᠡᠦᠬᠡᠨ ᠮᠣᠩᠭᠤᠯ ᠰᠤᠷᠪᠤᠯᠵᠢ ᠪᠢᠴᠢᠭ》 ᠲᠡᠬᠢ ᠬᠦᠬᠡᠬᠤᠲᠠ ᠲᠦᠮᠡᠳ ᠣᠷᠤᠨ ᠤ ᠯᠠᠮᠠ ᠨᠠᠷ ᠤᠨ ᠡᠬᠡᠨᠡᠷ ᠠᠪᠬᠤ ᠶᠢ ᠴᠠᠭᠠᠵᠠᠯᠠᠭᠰᠠᠨ ᠪᠢᠴᠢᠭ ᠢ ᠰᠢᠨᠵᠢᠯᠡᠬᠦ ᠨᠢ
Creator ᠮᠠᠩᠭᠤᠳ ᠡᠷᠳᠡᠨᠢᠪᠠᠭᠠᠲᠤᠷ
Keyword ᠴᠠᠭᠠᠵᠠᠯᠠᠯ ᠪᠢᠴᠢᠭ; ᠮᠣᠩᠭᠤᠯ ᠬᠢᠲᠠᠳ ᠤᠨ ᠵᠦᠷᠢᠴᠡᠯ; ᠰᠦᠮ ᠡ ᠬᠡᠶᠢᠳ ᠦᠨ ᠠᠵᠤ ᠠᠬᠤᠢ; ᠤᠯᠠᠭᠠᠨ ᠰᠢᠷ᠎ᠠ ᠶᠢᠨ ᠲᠡᠮᠡᠴᠡᠯᠳᠦᠭᠡᠨ
Abstract 1578 ᠣᠨ ᠳᠤ ᠬᠦᠬᠡᠨᠠᠭᠤᠷ ᠤᠨ ᠴᠡᠪᠴᠢᠶᠠᠯ ᠰᠦᠮ ᠡ ᠳᠦ ᠠᠯᠲᠠᠨ ᠬᠠᠭᠠᠨ ᠢᠶᠠᠷ ᠲᠦᠯᠦᠭᠡᠯᠡᠭᠦᠯᠦᠭᠰᠡᠨ ᠮᠣᠩᠭᠤᠯ ᠤᠨ ᠪᠠᠷᠠᠭᠤᠨ ᠭᠤᠷᠪᠠᠨ ᠲᠦᠮᠡᠨ ᠦ ᠹᠧᠤᠳᠠᠯ ᠨᠤᠶᠠᠳ ᠪᠤᠯᠤᠨ ᠰᠤᠳᠨᠠᠮᠵᠠᠮᠰᠤ ᠪᠠᠷ ᠲᠦᠷᠦᠭᠦᠯᠡᠭᠦᠯᠦᠭᠰᠡᠨ ᠰᠢᠷ᠎ᠠ ᠶᠢᠨ ᠱᠠᠰᠢᠨ ᠤ ᠬᠤᠳᠤᠭᠲᠤ ᠬᠤᠪᠢᠯᠭᠠᠳ ᠬᠠᠮᠰᠠᠵᠤ ᠮᠣᠩᠭᠤᠯ ᠣᠷᠤᠨ ᠳᠤ ᠰᠢᠷ᠎ᠠ ᠶᠢᠨ ᠱᠠᠰᠢᠨ ᠢ ᠳᠡᠯᠭᠡᠷᠡᠭᠦᠯᠵᠡᠢ᠃ ᠡᠢᠮᠦ ᠡᠴᠡ ᠠᠯᠲᠠᠨ ᠬᠠᠭᠠᠨ ᠤ ᠰᠠᠭᠤᠷᠢᠰᠢᠯ ᠪᠤᠯᠬᠤ ᠬᠦᠬᠡᠬᠤᠲᠠ ᠲᠦᠮᠡᠳ ᠣᠷᠤᠨ ᠨᠢ ᠮᠣᠩᠭᠤᠯ ᠣᠷᠤᠨ ᠳᠤ ᠱᠠᠰᠢᠨ ᠳᠡᠯᠭᠡᠷᠡᠭᠦᠯᠬᠦ ᠰᠠᠭᠤᠷᠢᠨ ᠭᠠᠵᠠᠷ ᠪᠤᠯᠵᠤ᠂ ᠮᠠᠨᠵᠤ ᠶᠢᠨ ᠨᠤᠶᠠᠷᠬᠠᠭᠴᠢᠳ ᠠᠴᠠ ᠯᠠᠮᠠ ᠨᠠᠷ ᠤᠨ ᠡᠬᠡᠨᠡᠷ ᠠᠪᠴᠤ ᠪᠤᠯᠬᠤ ᠶᠢ ᠵᠦᠪᠰᠢᠶᠡᠷᠡᠵᠦ ᠪᠠᠢᠵᠠᠢ᠃ ᠭᠡᠪᠡᠴᠦ ᠰᠠᠢᠰᠢᠶᠠᠯᠲᠠᠢ ᠢᠷᠦᠭᠡᠯᠲᠦ ᠶᠢᠨ ᠬᠤᠷᠢᠨ ᠳᠦᠷᠪᠡᠳᠦᠭᠡᠷ (1819) ᠣᠨ ᠳᠤ ᠵᠠᠷᠯᠢᠭ ᠪᠠᠭᠤᠯᠭᠠᠵᠤ᠂ ᠯᠠᠮᠠ ᠨᠠᠷ ᠤᠨ ᠡᠬᠡᠨᠡᠷ ᠠᠪᠬᠤ ᠶᠢ ᠡᠷᠡᠰ ᠴᠠᠭᠠᠵᠠᠯᠠᠵᠠᠢ᠃ ᠲᠡᠷᠡ ᠨᠢ ᠭᠤᠤᠯᠳᠠᠭᠤ ᠤᠯᠤᠰ ᠲᠦᠷᠦ᠂ ᠠᠵᠤ ᠠᠬᠤᠢ᠂ ᠱᠠᠰᠢᠨ ᠰᠤᠷᠲᠠᠬᠤᠨ ᠭᠡᠬᠦ ᠭᠤᠷᠪᠠᠨ ᠬᠦᠴᠦᠰᠦ ᠳᠦ ᠰᠢᠯᠲᠠᠭᠠᠯᠠᠭᠳᠠᠭᠰᠠᠨ ᠪᠠᠢᠳᠠᠭ᠃
Original Literature No Original Paper
出自 蒙古学研究 2015年 第2期

联系我们


内蒙古大学图书馆
呼和浩特市大学西路235号
中国·内蒙古
P: (0471) 4992561
E: huangfeilong@imu.edu.cn