Paper Information


Title ᠠᠭᠸᠠᠩᠬᠠᠢ᠌ᠳᠠᠪ ᠤᠨ《ᠦᠬᠡᠷ ᠬᠤᠨᠢ ᠢᠮᠠᠭ᠎ᠠ ᠭᠤᠷᠪᠠ ᠶᠢᠨ ᠶᠠᠷᠢᠶ᠎ᠠ》 ᠪᠤᠯᠤᠨ ᠭᠤᠨᠴᠤᠭᠵᠠᠮᠰᠤ ᠶᠢᠨ 《ᠰᠠᠷᠯᠤᠭ᠂ ᠬᠤᠨᠢ᠂ ᠢᠮᠠᠭ᠎ᠠ ᠪᠠ ᠭᠠᠬᠠᠢ ᠶᠢᠨ ᠦᠯᠢᠭᠡᠷ》 ᠤᠨ ᠬᠠᠷᠢᠴᠠᠭᠤᠯᠤᠯ
Creator ᠤᠳᠤᠬᠦᠦ
Keyword 《ᠦᠬᠡᠷ ᠬᠤᠨᠢ ᠢᠮᠠᠭ᠎ᠠ ᠭᠤᠷᠪᠠ ᠶᠢᠨ ᠶᠠᠷᠢᠶ᠎ᠠ》; 《ᠰᠠᠷᠯᠤᠭ᠂ ᠬᠤᠨᠢ᠂ ᠢᠮᠠᠭ᠎ᠠ ᠪᠠ ᠭᠠᠬᠠᠢ ᠶᠢᠨ ᠦᠯᠢᠭᠡᠷ》; ᠬᠠᠷᠢᠴᠠᠭᠤᠯᠤᠯ; ᠦᠪᠡᠷᠮᠢᠴᠡ ᠰᠢᠨᠵᠢ; ᠬᠠᠷᠢᠴᠠᠭ᠎ᠠ ᠬᠤᠯᠪᠤᠭ᠎ᠠ
Abstract ᠮᠤᠩᠭ᠋ᠤᠯ ᠤᠨ ᠱᠠᠰᠢᠨ ᠤ ᠶᠡᠬᠡ ᠵᠢᠳᠭᠦᠯᠳᠡᠨ ᠠᠭᠸᠠᠩᠬᠠᠢ᠌ᠳᠠᠪ《ᠦᠬᠡᠷ ᠬᠤᠨᠢ ᠢᠮᠠᠭ᠎ᠠ ᠭᠤᠷᠪᠠ ᠶᠢᠨ ᠶᠠᠷᠢᠶ᠎ᠠ》 ᠭᠡᠬᠦ ᠵᠤᠬᠢᠶᠠᠯ ᠶᠢᠡᠨ ᠲᠦᠪᠡᠳ ᠬᠡᠯᠡ ᠪᠡᠷ ᠲᠤᠭᠤᠷᠪᠢᠵᠠᠢ᠃ ᠲᠤᠰ ᠵᠤᠬᠢᠶᠠᠯ ᠨᠢ ᠲᠦᠪᠡᠳ ᠵᠤᠬᠢᠶᠠᠯᠴᠢ ᠭᠤᠨᠴᠤᠭᠵᠠᠮᠰᠤ ᠶᠢᠨ ᠲᠤᠭᠤᠷᠪᠢᠭᠰᠠᠨ 《ᠰᠠᠷᠯᠤᠭ᠂ ᠬᠤᠨᠢ᠂ ᠢᠮᠠᠭ᠎ᠠ ᠪᠠ ᠭᠠᠬᠠᠢ ᠶᠢᠨ ᠦᠯᠢᠭᠡᠷ》ᠭᠡᠬᠦ ᠵᠤᠬᠢᠶᠠᠯ ᠲᠠᠢ ᠵᠤᠬᠢᠶᠠᠯ ᠤᠨ ᠪᠠᠭᠠᠳᠤᠷ ᠤᠨ ᠰᠤᠩᠭ᠋ᠤᠯᠳᠠ ᠡᠴᠡ ᠡᠬᠢᠯᠡᠨ ᠤᠳᠬ᠎ᠠ ᠰᠡᠳᠦᠪᠯᠡᠭᠦᠨ᠂ ᠦᠵᠡᠯ ᠰᠠᠨᠠᠭᠠᠨ ᠤ ᠴᠢᠭ᠍ᠯᠡᠯ ᠵᠡᠷᠭᠡ ᠲᠠᠯ᠎ᠠ ᠪᠡᠷ ᠶᠡᠬᠡᠬᠡᠨ ᠲᠦᠰᠳᠡᠢ ᠪᠠᠢ᠌ᠳᠠᠭ ᠪᠤᠯᠬᠤᠷ ᠬᠠᠷᠢᠴᠠᠭᠤᠯᠤᠨ ᠰᠤᠳᠤᠯᠬᠤ ᠪᠤᠯᠤᠮᠵᠢ ᠶᠢ ᠪᠦᠷᠢᠯᠳᠦᠭᠦᠯᠵᠡᠢ᠃ ᠲᠤᠰ ᠦᠭᠦᠯᠡᠯ ᠳᠤ ᠠᠭᠤᠯᠭ᠎ᠠ ᠦᠵᠡᠯ ᠰᠠᠨᠠᠭ᠎ᠠ᠂ ᠵᠤᠬᠢᠶᠠᠮᠵᠢ ᠪᠢᠴᠢᠯᠭᠡ᠂ ᠲᠦᠷᠢ ᠲᠦᠷᠰᠦᠯᠡᠯ ᠭᠡᠬᠦ ᠭᠤᠷᠪᠠᠨ ᠲᠠᠯ᠎ᠠ ᠡᠴᠡ《ᠦᠬᠡᠷ ᠬᠤᠨᠢ ᠢᠮᠠᠭ᠎᠎᠎᠎᠎᠎᠎ᠠ ᠭᠤᠷᠪᠠ ᠶᠢᠨ ᠶᠠᠷᠢᠶ᠎ᠠ》 ᠪᠤᠯᠤᠨ 《ᠰᠠᠷᠯᠤᠭ᠂ ᠬᠤᠨᠢ᠂ ᠢᠮᠠᠭ᠎ᠠ ᠪᠠ ᠭᠠᠬᠠᠢ ᠶᠢᠨ ᠦᠯᠢᠭᠡᠷ》 ᠢ ᠬᠠᠷᠢᠴᠠᠭᠤᠯᠵᠤ᠂ ᠲᠡᠳᠡᠨ ᠤ ᠦᠪᠡᠷᠮᠢᠴᠡ ᠤᠨᠴᠠᠯᠢᠭ ᠢ ᠨᠢ ᠲᠤᠳᠤᠷᠠᠭᠤᠯᠬᠤ ᠶᠢᠨ ᠬᠠᠮᠳᠤ ᠲᠤᠰ ᠬᠤᠶᠠᠷ ᠵᠤᠬᠢᠶᠠᠯ ᠤᠨ ᠬᠤᠭᠤᠷᠤᠨᠳᠤᠬᠢ ᠬᠠᠷᠢᠴᠠᠭ᠎ᠠ ᠨᠦᠯᠦᠭᠡᠯᠡᠯᠴᠡᠯ ᠤᠨ ᠪᠠᠢ᠌ᠳᠠᠯ ᠢ ᠢᠯᠡᠷᠡᠭᠦᠯᠬᠦ ᠶᠢ ᠵᠤᠷᠢᠪᠠ᠃
Original Literature View Original Paper
出自 内蒙古大学学报 2015年 第3期

联系我们


内蒙古大学图书馆
呼和浩特市大学西路235号
中国·内蒙古
P: (0471) 4992561
E: huangfeilong@imu.edu.cn