Title |
ᠠᠭᠸᠠᠩᠬᠠᠢ᠌ᠳᠠᠪ ᠤᠨ《ᠦᠬᠡᠷ ᠬᠤᠨᠢ ᠢᠮᠠᠭ᠎ᠠ ᠭᠤᠷᠪᠠ ᠶᠢᠨ ᠶᠠᠷᠢᠶ᠎ᠠ》 ᠪᠤᠯᠤᠨ ᠭᠤᠨᠴᠤᠭᠵᠠᠮᠰᠤ ᠶᠢᠨ 《ᠰᠠᠷᠯᠤᠭ᠂ ᠬᠤᠨᠢ᠂ ᠢᠮᠠᠭ᠎ᠠ ᠪᠠ ᠭᠠᠬᠠᠢ ᠶᠢᠨ ᠦᠯᠢᠭᠡᠷ》 ᠤᠨ ᠬᠠᠷᠢᠴᠠᠭᠤᠯᠤᠯ |
Creator |
ᠤᠳᠤᠬᠦᠦ |
Keyword |
《ᠦᠬᠡᠷ ᠬᠤᠨᠢ ᠢᠮᠠᠭ᠎ᠠ ᠭᠤᠷᠪᠠ ᠶᠢᠨ ᠶᠠᠷᠢᠶ᠎ᠠ》; 《ᠰᠠᠷᠯᠤᠭ᠂ ᠬᠤᠨᠢ᠂ ᠢᠮᠠᠭ᠎ᠠ ᠪᠠ ᠭᠠᠬᠠᠢ ᠶᠢᠨ ᠦᠯᠢᠭᠡᠷ》; ᠬᠠᠷᠢᠴᠠᠭᠤᠯᠤᠯ; ᠦᠪᠡᠷᠮᠢᠴᠡ ᠰᠢᠨᠵᠢ; ᠬᠠᠷᠢᠴᠠᠭ᠎ᠠ ᠬᠤᠯᠪᠤᠭ᠎ᠠ |
Abstract |
ᠮᠤᠩᠭ᠋ᠤᠯ ᠤᠨ ᠱᠠᠰᠢᠨ ᠤ ᠶᠡᠬᠡ ᠵᠢᠳᠭᠦᠯᠳᠡᠨ ᠠᠭᠸᠠᠩᠬᠠᠢ᠌ᠳᠠᠪ《ᠦᠬᠡᠷ ᠬᠤᠨᠢ ᠢᠮᠠᠭ᠎ᠠ ᠭᠤᠷᠪᠠ ᠶᠢᠨ ᠶᠠᠷᠢᠶ᠎ᠠ》 ᠭᠡᠬᠦ ᠵᠤᠬᠢᠶᠠᠯ ᠶᠢᠡᠨ ᠲᠦᠪᠡᠳ ᠬᠡᠯᠡ ᠪᠡᠷ ᠲᠤᠭᠤᠷᠪᠢᠵᠠᠢ᠃ ᠲᠤᠰ ᠵᠤᠬᠢᠶᠠᠯ ᠨᠢ ᠲᠦᠪᠡᠳ ᠵᠤᠬᠢᠶᠠᠯᠴᠢ ᠭᠤᠨᠴᠤᠭᠵᠠᠮᠰᠤ ᠶᠢᠨ ᠲᠤᠭᠤᠷᠪᠢᠭᠰᠠᠨ 《ᠰᠠᠷᠯᠤᠭ᠂ ᠬᠤᠨᠢ᠂ ᠢᠮᠠᠭ᠎ᠠ ᠪᠠ ᠭᠠᠬᠠᠢ ᠶᠢᠨ ᠦᠯᠢᠭᠡᠷ》ᠭᠡᠬᠦ ᠵᠤᠬᠢᠶᠠᠯ ᠲᠠᠢ ᠵᠤᠬᠢᠶᠠᠯ ᠤᠨ ᠪᠠᠭᠠᠳᠤᠷ ᠤᠨ ᠰᠤᠩᠭ᠋ᠤᠯᠳᠠ ᠡᠴᠡ ᠡᠬᠢᠯᠡᠨ ᠤᠳᠬ᠎ᠠ ᠰᠡᠳᠦᠪᠯᠡᠭᠦᠨ᠂ ᠦᠵᠡᠯ ᠰᠠᠨᠠᠭᠠᠨ ᠤ ᠴᠢᠭ᠍ᠯᠡᠯ ᠵᠡᠷᠭᠡ ᠲᠠᠯ᠎ᠠ ᠪᠡᠷ ᠶᠡᠬᠡᠬᠡᠨ ᠲᠦᠰᠳᠡᠢ ᠪᠠᠢ᠌ᠳᠠᠭ ᠪᠤᠯᠬᠤᠷ ᠬᠠᠷᠢᠴᠠᠭᠤᠯᠤᠨ ᠰᠤᠳᠤᠯᠬᠤ ᠪᠤᠯᠤᠮᠵᠢ ᠶᠢ ᠪᠦᠷᠢᠯᠳᠦᠭᠦᠯᠵᠡᠢ᠃ ᠲᠤᠰ ᠦᠭᠦᠯᠡᠯ ᠳᠤ ᠠᠭᠤᠯᠭ᠎ᠠ ᠦᠵᠡᠯ ᠰᠠᠨᠠᠭ᠎ᠠ᠂ ᠵᠤᠬᠢᠶᠠᠮᠵᠢ ᠪᠢᠴᠢᠯᠭᠡ᠂ ᠲᠦᠷᠢ ᠲᠦᠷᠰᠦᠯᠡᠯ ᠭᠡᠬᠦ ᠭᠤᠷᠪᠠᠨ ᠲᠠᠯ᠎ᠠ ᠡᠴᠡ《ᠦᠬᠡᠷ ᠬᠤᠨᠢ ᠢᠮᠠᠭ᠎ᠠ ᠭᠤᠷᠪᠠ ᠶᠢᠨ ᠶᠠᠷᠢᠶ᠎ᠠ》 ᠪᠤᠯᠤᠨ 《ᠰᠠᠷᠯᠤᠭ᠂ ᠬᠤᠨᠢ᠂ ᠢᠮᠠᠭ᠎ᠠ ᠪᠠ ᠭᠠᠬᠠᠢ ᠶᠢᠨ ᠦᠯᠢᠭᠡᠷ》 ᠢ ᠬᠠᠷᠢᠴᠠᠭᠤᠯᠵᠤ᠂ ᠲᠡᠳᠡᠨ ᠤ ᠦᠪᠡᠷᠮᠢᠴᠡ ᠤᠨᠴᠠᠯᠢᠭ ᠢ ᠨᠢ ᠲᠤᠳᠤᠷᠠᠭᠤᠯᠬᠤ ᠶᠢᠨ ᠬᠠᠮᠳᠤ ᠲᠤᠰ ᠬᠤᠶᠠᠷ ᠵᠤᠬᠢᠶᠠᠯ ᠤᠨ ᠬᠤᠭᠤᠷᠤᠨᠳᠤᠬᠢ ᠬᠠᠷᠢᠴᠠᠭ᠎ᠠ ᠨᠦᠯᠦᠭᠡᠯᠡᠯᠴᠡᠯ ᠤᠨ ᠪᠠᠢ᠌ᠳᠠᠯ ᠢ ᠢᠯᠡᠷᠡᠭᠦᠯᠬᠦ ᠶᠢ ᠵᠤᠷᠢᠪᠠ᠃ |
Original Literature |
View Original Paper
|
出自 |
内蒙古大学学报
2015年
第3期
|